Title |
ᠮᠣᠩᠭᠤᠯ ᠦᠯᠢᠭᠡᠷᠲᠦ ᠠᠷᠠᠳ ᠤᠨ ᠲᠠᠭᠤᠤ ᠶᠢᠨ ᠤᠷᠠᠨ ᠲᠦᠷᠢ ᠶᠢᠨ ᠠᠩᠬᠢᠯᠠᠯ ᠤᠨ ᠠᠰᠠᠭᠤᠳᠠᠯ |
Creator |
ᠵᠢᠨ ᠦᠨᠢᠷ |
Keyword |
ᠮᠣᠩᠭᠤᠯ ᠦᠯᠢᠭᠡᠷᠲᠦ ᠠᠷᠠᠳ ᠤᠨ ᠲᠠᠭᠤᠤ︔ ᠤᠷᠠᠨ ᠳᠦᠷᠢ︔ ᠲᠦᠷᠦᠯ ᠠᠩᠬᠢᠯᠠᠯ |
Abstract |
ᠮᠣᠩᠭᠤᠯ ᠦᠯᠢᠭᠡᠷᠲᠦ ᠠᠷᠠᠳ ᠤᠨ ᠲᠠᠭᠤᠤ ᠪᠤᠯ ᠬᠣᠷᠴᠢᠨ ᠨᠤᠲᠤᠭ ᠤᠨ ᠤᠢᠷ ᠠ ᠦᠶ ᠠ ᠶᠢᠨ ᠲᠡᠦᠬᠡ ᠶᠢᠨ ᠬᠣᠪᠢᠰᠤᠯ᠂ ᠨᠡᠢᠭᠡᠮ ᠤᠨ ᠰᠠᠮᠠᠭᠤᠷᠠᠯ᠂ ᠠᠷᠠᠳ ᠤᠨ ᠠᠮᠢᠳᠤᠷᠠᠯ ᠢᠢᠡᠷ ᠰᠡᠳᠦᠪᠯᠡᠵᠦ᠂ ᠠᠷᠠᠳ ᠤᠨ ᠤᠷᠠᠯᠢᠭᠴᠢᠳ ᠤᠨ ᠲᠠᠭᠤᠯᠠᠵᠤ ᠬᠦᠦᠷᠨᠢᠬᠦ ᠠᠷᠭ᠎ᠠ ᠬᠡᠯᠪᠡᠷᠢ ᠪᠡᠷ ᠤᠳᠤ ᠪᠤᠯᠲᠠᠯ ᠠ ᠤᠯᠠᠮᠵᠢᠯᠠᠨ ᠲᠡᠯᠭᠡᠷᠡᠵᠦ ᠢᠷᠡᠭᠰᠡᠨ ᠤᠷᠠᠨ ᠪᠦᠲᠦᠭᠡᠯ ᠪᠤᠯᠤᠨ᠎ᠠ᠃ ᠡᠨᠡ ᠬᠦ ᠠᠮᠠᠨ ᠪᠡᠷ ᠤᠯᠠᠮᠵᠢᠯᠠᠭᠰᠠᠨ ᠠᠷᠠᠳ ᠤᠨ ᠤᠷᠠᠯᠢᠭ ᠨᠢ ᠲᠤᠬᠠᠢ ᠶᠢᠨ ᠨᠡᠢᠭᠡᠮ ᠤᠨ ᠪᠤᠳᠠᠳᠤ ᠠᠬᠤᠢ ᠵᠢ ᠡᠭᠴᠡᠯᠡᠨ ᠬᠠᠷᠠᠵᠤ᠂ ᠪᠤᠳᠤᠯ ᠰᠡᠳᠬᠢᠯᠭᠡ ᠪᠠᠨ ᠰᠢᠭᠤᠳ ᠢᠯᠡᠳᠭᠡᠬᠦ ᠳ᠋ᠤ ᠪᠠᠨ ᠨᠡᠢᠭᠡᠮ ᠤᠨ ᠡᠯ ᠠ ᠡᠲᠡᠭᠡᠳ᠂ ᠡᠯ ᠠ ᠳᠠᠪᠬᠤᠷᠭ᠎ᠠ ᠶᠢᠨ ᠬᠦᠮᠦᠨ ᠤ ᠲᠦᠷᠢ ᠵᠢ ᠲᠤᠩ ᠤᠯᠠᠨ ᠪᠦᠲᠦᠭᠡᠭᠰᠡᠨ ᠪᠠᠢᠳᠠᠭ᠃ ᠡᠭᠦᠨ ᠳ᠋ᠤ ᠡᠭᠡᠯ ᠠᠷᠠᠳ ᠤᠨ ᠲᠦᠷᠢ ᠵᠠᠩᠬᠢᠯᠠᠬᠤ ᠣᠯᠠᠨ ᠲᠤᠭ᠎ᠠ ᠵᠢ ᠡᠵᠡᠯᠡᠵᠦ᠂ ᠪᠠᠰᠠ ᠪᠠᠭ᠎ᠠ ᠪᠤᠰᠤ ᠪᠠᠭᠠᠲᠤᠷ ᠰᠠᠢᠨ ᠡᠷ ᠠ ᠶᠢᠨ ᠲᠦᠷᠢ᠂ ᠡᠷᠬᠡᠲᠦ ᠨᠤᠶᠠᠳ ᠤᠨ ᠲᠦᠷᠢ᠂ ᠱᠠᠰᠢᠨᠲᠠᠨ ᠤ ᠲᠦᠷᠢ ᠵᠢᠴᠢ ᠵᠠᠷᠴᠤᠠ᠂ ᠢᠨᠵᠢ᠂ ᠬᠤᠳᠠᠯᠳᠤᠭᠠᠴᠢᠨ᠂ ᠤᠷᠠᠨ ᠲᠠᠷᠬᠠᠨ᠂ ᠴᠠᠭᠠᠰᠢᠯᠠᠭᠠᠳ᠂ ᠡᠭᠲᠠ ᠬᠦᠯᠦᠭ᠂ ᠬᠤᠨ ᠭᠠᠯᠠᠭᠤ᠂ ᠪᠤᠭᠤ᠂ ᠨᠤᠬᠠᠢ᠂ ᠡᠯᠵᠢᠭᠡ ᠵᠡᠷᠭᠡ ᠠᠮᠢᠲᠠᠨ ᠤ ᠲᠦᠷᠢᠴᠦ ᠪᠠᠢᠳᠠᠭ᠃ ᠦᠭᠦᠯᠡᠯ ᠳ᠋ᠤ᠂ ᠡᠳᠡᠭᠡᠷ ᠲᠦᠷᠢ ᠨᠦᠬᠦᠳ ᠢ ᠬᠡᠷᠬᠢᠨ ᠲᠦᠷᠦᠯᠵᠢᠬᠦᠯᠵᠦ ᠠᠩᠬᠢᠯᠠᠬᠤ ᠠᠰᠠᠭᠤᠳᠠᠯ ᠢ ᠬᠢᠱᠢᠶᠡᠨ ᠦᠭᠦᠯᠡᠭᠰᠡᠡ ᠪᠠᠢᠨ᠎ᠠ᠃ |
Original Literature |
No Original Paper
|
出自 |
内蒙古民族大学学报(社会科学)
2024年
第2期
|