Title |
ᠬᠠ᠂ ᠳ᠋ᠠᠮᠪᠢᠵᠠᠯᠰᠠᠨ ᠤ ᠦᠭᠦᠯᠡᠯᠭᠡ ᠵᠢ ᠰᠢᠨᠵᠢᠯᠡᠬᠦ ᠨᠢ |
Creator |
ᠮᠦᠴᠢᠷ |
Keyword |
ᠬᠠ᠂ ᠳ᠋ᠠᠮᠪᠢᠵᠠᠯᠰᠠᠨ︔ ᠲᠦᠷᠢ︔ ᠬᠡᠯᠡ ᠬᠡᠯᠡᠯᠭᠡ |
Abstract |
ᠬᠠ᠂ ᠳ᠋ᠠᠮᠪᠢᠵᠠᠯᠰᠠᠨ ᠡᠴᠡ ᠰᠢᠯᠦᠭᠴᠢ ᠭᠡᠵᠦ ᠠᠯᠳᠠᠷᠰᠢᠭᠰᠠᠨ ᠴᠤ《 ᠠᠷᠪᠠᠨ ᠲᠤᠯᠤᠭᠠᠨ ᠵᠢᠯ》 ᠤᠨ ᠦᠶ ᠡ ᠳ᠋ᠤ ᠵᠢᠷᠭᠤᠭᠠᠨ ᠦᠭᠦᠯᠡᠯᠭᠡ ᠶᠢᠨ ᠵᠤᠬᠢᠶᠠᠯ ᠤᠷᠠᠯᠠᠨ ᠪᠦᠲᠦᠭᠡᠭᠰᠡᠨ ᠪᠠᠢᠳᠠᠭ᠃ ᠲᠡᠳᠡᠭᠡᠷ ᠦᠭᠦᠯᠡᠯᠭᠡ ᠨᠢ ᠪᠦᠷ ᠨᠢᠭᠡᠳᠦᠯ ᠤᠨ ᠦᠶ ᠡ ᠶᠢᠨ ᠠᠮᠢᠳᠤᠷᠠᠯ ᠢᠢᠡᠷ ᠰᠡᠳᠦᠪᠯᠡᠵᠦ᠂ ᠲᠤᠬᠠᠢ ᠶᠢᠨ ᠴᠠᠭ ᠦᠶ ᠡ ᠶᠢᠨ ᠶᠡᠬᠡ ᠦᠰᠦᠷᠦᠩᠭᠦᠢ ᠲᠠᠪᠰᠢᠯᠲᠠ᠂ ᠣᠷᠬᠢᠶ ᠠ ᠲᠡᠯᠭᠡᠷᠡᠭᠰᠡᠨ᠂ ᠰᠢᠷᠠᠮᠤ ᠬᠠᠢᠯᠤᠭᠤᠯᠬᠤ ᠬᠦᠳᠡᠯᠭᠡᠭᠡᠨ ᠦᠷᠨᠢᠭᠰᠡᠨ᠂ ᠰᠡᠭᠡᠭᠡᠳᠡᠳ ᠤᠨ ᠭᠠᠳᠠᠭᠤᠷᠴᠢᠯᠠᠭᠳᠠᠭᠰᠠᠨ ᠢ ᠪᠤᠰᠤᠳᠴᠢ ᠪᠡᠷ ᠦᠭᠦᠯᠡᠵᠦ᠂ᠲᠤᠬᠠᠢ ᠶᠢᠨ ᠴᠠᠭ ᠦᠶ ᠡ ᠶᠢᠨ ᠤᠷᠠᠨ ᠵᠤᠬᠢᠶᠠᠯ ᠤᠨ ᠪᠢᠴᠢᠯᠭᠡ ᠶᠢᠨ ᠣᠨᠴᠠᠯᠢᠭ ᠢ ᠬᠠᠷᠠᠭᠤᠯᠵᠠᠢ᠃ ᠦᠭᠦᠯᠠᠯ ᠳ᠋ᠤ᠂ ᠬᠠ᠂ ᠳ᠋ᠠᠮᠪᠢᠵᠠᠯᠰᠠᠨ ᠤ ᠦᠭᠦᠯᠡᠯᠭᠡ ᠵᠢ ᠴᠠᠭ ᠦᠶ ᠡ ᠶᠢᠨ ᠣᠨᠴᠠᠯᠢᠭᠲᠤ ᠲᠦᠷᠢ ᠪᠦᠲᠦᠭᠡᠯᠲᠡ᠂ ᠠᠮᠠᠨ ᠶᠠᠷᠢᠶ ᠠ ᠪᠠ ᠪᠢᠴᠢᠭ ᠤᠨ ᠬᠡᠯᠡᠨ ᠤ ᠤᠶᠠᠯᠳᠤᠯ᠂ ᠬᠦᠳᠡᠯᠮᠦᠷᠢᠴᠢ ᠠᠷᠠᠨᠰᠢᠨ ᠪᠠ ᠬᠠᠷᠢᠭᠤᠴᠠᠯᠭᠠᠲᠤ ᠰᠡᠳᠬᠢᠯᠭᠡᠨ ᠤ ᠡᠷᠬᠢᠮᠯᠡᠯ ᠵᠡᠷᠭᠡ ᠭᠤᠷᠪᠠᠨ ᠲᠠᠯ ᠠ ᠪᠡᠷ ᠰᠢᠨᠵᠢᠯᠡᠵᠡᠢ᠃ |
Original Literature |
No Original Paper
|
出自 |
内蒙古民族大学学报(社会科学)
2023年
第4期
|