Title |
ᠦᠪᠦᠷ ᠮᠤᠩᠭ᠋ᠤᠯ ᠤᠨ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠤ ᠤᠪᠤᠭᠠᠨ ᠰᠤᠶᠤᠯ ᠤᠨ ᠬᠤᠪᠢᠰᠤᠯᠳᠠ ᠶᠢ ᠰᠢᠨᠵᠢᠯᠡᠬᠦ ᠨᠢ |
Creator |
ᠲᠠᠨ᠎ᠠ |
Keyword |
ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ; ᠤᠪᠤᠭᠠᠨ ᠰᠤᠶᠤᠯ; ᠬᠤᠪᠢᠰᠤᠯᠳᠠ |
Abstract |
ᠤᠪᠤᠭ᠎ᠠ ᠪᠤᠯᠤᠨ ᠤᠪᠤᠭᠠᠨ ᠲᠠᠬᠢᠯᠭ᠎ᠠ ᠨᠢ ᠤᠮᠠᠷᠠᠳᠤ ᠶᠢᠨ ᠲᠠᠯ᠎ᠠ ᠨᠤᠳᠤᠭ ᠤᠨ ᠰᠤᠶᠤᠯ ᠤᠨ ᠨᠡᠯᠦᠭᠡᠷ ᠲᠤᠮᠤ ᠰᠤᠶᠤᠯ ᠤᠨ ᠦᠯᠡᠳᠡᠭᠳᠡᠯ ᠪᠤᠯᠬᠤ ᠶᠤᠮ᠃ ᠤᠪᠤᠭᠠᠨ ᠰᠤᠶᠤᠯ ᠨᠢ ᠪᠠᠢ᠌ᠭᠠᠯᠢ ᠶᠢᠨ ᠰᠢᠳᠦᠯᠭᠡ᠂ ᠡᠴᠡᠢᠭᠡ ᠲᠡᠭᠷᠢ᠂ ᠡᠳᠦᠭᠡᠨ ᠡᠬᠡ ᠶᠢᠨ ᠰᠢᠳᠦᠯᠭᠡ᠂ ᠡᠪᠦᠭᠡ ᠲᠡᠭᠡᠳᠦᠰ ᠤᠨ ᠰᠢᠳᠦᠯᠭᠡ᠂ ᠤᠩᠭ᠋ᠤᠳ ᠪᠤᠯᠠᠰᠢ ᠶᠢᠨ ᠰᠢᠳᠦᠯᠭᠡ᠂ ᠦᠷᠡᠵᠢᠯ ᠲᠦᠯᠵᠢᠯ ᠤᠨ ᠰᠢᠳᠦᠯᠭᠡ᠂ ᠬᠠᠨ ᠬᠠᠢ᠌ᠷᠬᠠᠨ ᠤ ᠰᠢᠳᠦᠯᠭᠡ᠂ ᠤᠢ ᠮᠤᠳᠤᠨ ᠤ ᠰᠢᠳᠦᠯᠭᠡ᠂ ᠭᠤᠤᠯ ᠭᠤᠷᠤᠬ᠎ᠠ ᠨᠠᠭᠤᠷ ᠤᠨ ᠰᠢᠳᠦᠯᠭᠡ᠂ ᠪᠦᠭᠡ ᠮᠦᠷᠭᠦᠯ᠂ ᠰᠢᠷ᠎ᠡ ᠶᠢᠨ ᠱᠠᠰᠢᠨ ᠤ ᠰᠢᠳᠦᠯᠭᠡ᠂ ᠰᠢᠨ᠎ᠡ ᠰᠤᠶᠤᠯ ᠪᠤᠯᠪᠠᠰᠤᠨ ᠵᠡᠷᠭᠡ ᠤᠯᠠᠨ ᠲᠠᠯᠠᠳᠤ᠂ ᠤᠯᠠᠨ ᠲᠠᠪᠬᠤᠷᠭᠠᠳᠤ ᠠᠭᠤᠯᠤᠭᠳᠠᠬᠤᠨ ᠪᠦᠬᠦᠢ ᠨᠡᠢ᠌ᠯᠡᠯᠢᠭ ᠴᠢᠨᠠᠷ ᠲᠠᠢ ᠰᠤᠶᠤᠯ ᠤᠨ ᠦᠵᠡᠭᠳᠡᠯ ᠪᠤᠯᠵᠤ ᠬᠡᠴᠢᠨᠡᠨ ᠮᠢᠩᠭ᠋ᠠᠨ ᠵᠢᠯ ᠤᠨ ᠲᠡᠦᠬᠡᠨ ᠴᠠᠭ ᠦᠶ᠎ᠡ ᠶᠢ ᠲᠠᠮᠵᠢᠨ ᠤᠯᠠᠷᠢᠨ ᠬᠦᠭ᠍ᠵᠢᠵᠡᠢ᠃ ᠲᠤᠰ ᠦᠭᠦᠯᠡᠯ ᠳᠤ᠂ ᠬᠦᠮᠦᠨ ᠵᠦᠢ ᠶᠢᠨ ᠰᠤᠳᠤᠯᠭᠠᠨ ᠤ ᠬᠠᠷᠠᠭᠠᠰᠤ ᠡᠴᠡ ᠦᠪᠦᠷ ᠮᠤᠩᠭ᠋ᠤᠯ ᠤᠨ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠤᠢ᠌᠋᠋᠋᠋᠋᠋᠋ᠳᠤ ᠬᠤᠰᠢᠭᠤᠨ ᠤ ᠬᠡᠳᠦᠨ ᠭᠠᠴᠠᠭ᠎ᠠ ᠶᠢᠨ ᠲᠤᠮᠳᠠ ᠬᠢᠭ᠍ᠰᠡᠨ ᠭᠡᠭᠡᠷ᠎ᠡ ᠶᠢᠨ ᠪᠠᠢ᠌ᠴᠠᠭᠠᠯᠳᠠ ᠶᠢᠨ ᠪᠤᠳᠠᠳᠤ ᠪᠠᠷᠢᠮᠳᠠ ᠮᠠᠲ᠋ᠸᠷᠢᠶᠠᠯ ᠳᠤ ᠰᠠᠭᠤᠷᠢᠯᠠᠵᠤ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠤ ᠤᠪᠤᠭ᠎ᠠ ᠪᠤᠯᠤᠨ ᠤᠪᠤᠭᠠᠨ ᠲᠠᠬᠢᠯᠭ᠎ᠠ ᠶᠢᠨ ᠪᠤᠳᠠᠳᠤ ᠠᠭᠤᠯᠤᠭᠳᠠᠬᠤᠨ᠂ ᠨᠡᠢ᠌ᠭᠡᠮ ᠰᠤᠶᠤᠯ ᠤᠨ ᠴᠢᠳᠠᠪᠬᠢ ᠶᠢᠨ ᠲᠠᠯ᠎ᠠ ᠳᠤ ᠭᠠᠷᠴᠤ ᠪᠦᠬᠦᠢ ᠰᠢᠨ᠎ᠡ ᠬᠤᠪᠢᠰᠤᠯᠳᠠ ᠶᠢ ᠨᠠᠷᠢᠪᠴᠢᠯᠠᠨ ᠰᠢᠨᠵᠢᠬᠦ ᠶᠢ ᠵᠤᠷᠢᠪᠠ᠃ |
Original Literature |
View Original Paper
|
出自 |
中国蒙古学
2015年
第6期
|