Paper Information


Title 《 ᠲᠤᠨᠳᠤᠭᠳᠠᠰᠢ ᠶᠢᠨ ᠨᠦᠬᠦᠪᠦᠷᠢ ᠬᠠᠤᠯᠢ》 ᠪᠠ ᠬᠦᠬᠡᠨᠠᠭᠤᠷ ᠤᠨ ᠴᠢᠭᠤᠯᠭᠠᠨ ᠤ ᠴᠠᠭᠠᠵᠠ ᠶᠢᠨ ᠪᠢᠴᠢᠭ》 ᠤᠨ ᠬᠠᠷᠢᠴᠠᠭᠤᠯᠤᠭᠰᠠᠨ ᠰᠢᠨᠵᠢᠯᠡᠯ
Creator ᠴ᠂ ᠪᠠᠲᠤ
Keyword 《ᠲᠤᠨᠳᠤᠭᠳᠠᠰᠢ ᠶᠢᠨ ᠨᠦᠬᠦᠪᠦᠷᠢ ᠬᠠᠤᠯᠢ》︔ 《 ᠬᠦᠬᠡᠨᠠᠭᠤᠷ ᠤᠨ ᠴᠢᠭᠤᠯᠭᠠᠨ ᠤ ᠴᠠᠭᠠᠵᠠ ᠶᠢᠨ ᠪᠢᠴᠢᠭ》︔ ᠬᠠᠷᠢᠴᠠᠭᠤᠯᠤᠯ
Abstract 《 ᠲᠤᠨᠳᠤᠭᠳᠠᠰᠢ ᠶᠢᠨ ᠨᠦᠬᠦᠪᠦᠷᠢ ᠬᠠᠤᠯᠢ》 ᠪᠤᠯᠤᠨ 《 ᠬᠦᠬᠠᠨᠠᠭᠤᠷ ᠤᠭᠨ ᠴᠢᠭᠤᠯᠭᠠᠨ ᠤ ᠴᠠᠭᠠᠵᠠ ᠶᠢᠨ ᠪᠢᠴᠢᠭ》 ᠶᠢᠨ ᠵᠠᠷᠢᠮ ᠠᠭᠤᠯᠭ᠎ᠠ ᠵᠢ ᠬᠠᠷᠢᠴᠠᠭᠤᠯᠵᠤ ᠰᠢᠨᠵᠢᠯᠡᠬᠦ ᠳ᠋ᠤ᠂ ᠠᠳᠠᠯᠢᠰᠢᠶᠠᠬᠤ ᠲᠠᠯ ᠠ ᠨᠡᠯᠢᠶᠡᠳ ᠪᠠᠢᠳᠠᠭ᠃《 ᠨᠦᠬᠦᠪᠦᠷᠢ ᠬᠠᠤᠯᠢ》 ᠨᠢ ᠲᠤᠬᠠᠢ ᠶᠢᠨ ᠴᠠᠭ ᠦᠶ ᠡ ᠶᠢᠨ ᠬᠡᠷᠡᠭᠴᠡᠭᠡ ᠪᠠ ᠱᠠᠭᠠᠷᠳᠠᠯᠭ᠎ᠠ ᠳ᠋ᠤ ᠲᠤᠬᠢᠷᠠᠭᠰᠠᠨ ᠰᠢᠨ᠎ᠠ ᠠᠭᠤᠯᠭ᠎ᠠ ᠨᠡᠮᠡᠷᠢᠯᠡᠭᠰᠡᠨ ᠲᠤᠯᠠ《 ᠬᠦᠬᠠᠨᠠᠭᠤᠷ ᠤᠨ ᠴᠢᠭᠤᠯᠭᠠᠨ ᠤ ᠪᠢᠴᠢᠭ》 ᠯᠤᠬᠡ ᠠᠳᠠᠯᠢ ᠦᠭᠡᠢ ᠵᠦᠢᠯ ᠴᠦ ᠪᠤᠢ᠃ ᠲᠤᠰ ᠬᠤᠶᠠᠷ ᠴᠠᠭᠠᠵᠠ ᠶᠢᠨ ᠪᠢᠴᠢᠭ ᠤᠨ ᠵᠠᠷᠢᠮ ᠲᠤᠴᠬᠢᠷᠠᠯᠴᠠᠬᠤ ᠵᠦᠢᠯ ᠢ 1640ᠣᠨ ᠤ 《 ᠮᠣᠩᠭᠤᠯ- ᠤᠢᠷᠠᠳ ᠤᠨ ᠶᠡᠬᠡ ᠴᠠᠭᠠᠵᠠ》 ᠯᠤᠭ᠎ᠠ ᠬᠠᠷᠢᠴᠠᠭᠤᠯᠤᠨ ᠦᠵᠡᠬᠦ ᠳ᠋ᠤ ᠬᠤᠭᠤᠷᠤᠨᠳᠤ ᠪᠠᠨ ᠰᠠᠯᠵᠤ ᠪᠤᠯᠤᠰᠢ ᠦᠭᠡᠢ ᠨᠢᠭᠲᠠ ᠬᠠᠷᠢᠴᠠᠭ᠎ᠠ ᠬᠣᠯᠪᠤᠭᠠᠳᠠᠢ ᠪᠠᠢᠵᠦ᠂ 《 ᠮᠣᠩᠭᠤᠯ-ᠤᠢᠷᠠᠳ ᠤᠨ ᠶᠡᠬᠡ ᠴᠠᠭᠠᠵᠠ》 ᠵᠢ ᠨᠢᠭᠲᠠᠯᠠᠨ ᠯᠠᠪᠯᠠᠵᠦ ᠲᠡᠭᠦᠨ ᠡᠴᠡ ᠤᠯᠠᠮᠵᠢᠯᠠᠨ ᠠᠪᠤᠭᠰᠠᠨ ᠣᠯᠪᠠᠭ᠎ᠠ ᠮᠦᠷ ᠢᠯᠡ ᠲᠤᠳᠤ ᠬᠠᠷᠠᠭᠳᠠᠬᠤ ᠪᠦᠭᠡᠳ ᠢᠯᠠᠩᠭᠤᠶ ᠠ ᠵᠠᠷᠢᠮ ᠲᠠᠯ ᠠ ᠶᠢᠨ ᠠᠭᠤᠯᠭ᠎ᠠ ᠵᠢ ᠤᠯᠠᠮ ᠴᠠᠭᠠᠰᠢᠲᠠ ᠪᠠᠶᠠᠯᠢᠭᠵᠢᠭᠤᠯᠤᠨ ᠬᠦᠭᠵᠢᠬᠦᠯᠦᠭᠰᠡᠭᠡᠷ ᠰᠢᠨᠵᠢᠲᠡᠢ ᠶᠤᠮ᠃
Original Literature No Original Paper
出自 中国蒙古学 2024年 第4期

联系我们


内蒙古大学图书馆
呼和浩特市大学西路235号
中国·内蒙古
P: (0471) 4992561
E: huangfeilong@imu.edu.cn