Paper Information


Title ᠣᠢᠷᠠᠳ ᠠᠷᠠᠳ ᠤᠨ ᠲᠠᠭᠤᠤ ᠳ᠋ᠡᠬᠢ ᠡᠬᠡ ᠪᠠᠢᠭᠠᠯᠢ  ᠶᠢᠨ ᠦᠵᠡᠯ ᠤᠬᠠᠮᠰᠠᠷ ᠢ ᠲᠤᠪᠴᠢ ᠦᠭᠦᠯᠡᠬᠦ ᠨᠢ
Creator ᠡᠷᠳᠡᠨᠢᠪᠢᠯᠢᠭ︔ ᠰᠦᠩ ᠴᠢᠩᠭ᠎ᠠ
Keyword ᠤᠢᠷᠠᠳ ᠠᠷᠠᠳ ᠤᠨ ᠲᠠᠭᠤᠤ︔ ᠡᠬᠡ ᠪᠠᠢᠭᠠᠯᠢ︔ ᠦᠵᠡᠯ ᠤᠬᠠᠮᠰᠠᠷ
Abstract ᠣᠢᠷᠠᠳ ᠠᠷᠠᠳ ᠤᠨ ᠲᠠᠭᠤᠤ ᠳ᠋ᠤ ᠡᠬᠡ ᠪᠠᠢᠭᠠᠯᠢ᠂ ᠠᠯᠳᠠᠢ ᠶᠢᠨ ᠠᠭᠤᠯᠠ ᠤᠰᠤ᠂ ᠨᠤᠲᠤᠭ ᠪᠡᠯᠴᠢᠭᠡᠷ᠂ ᠠᠳᠤᠭᠤ ᠮᠠᠯᠬᠢᠭᠡᠳ ᠠᠮᠢ ᠠᠬᠤᠢ ᠪᠠᠨ ᠮᠠᠭᠲᠠᠨ ᠲᠠᠭᠤᠯᠠᠵᠤ ᠦᠪᠡᠷᠰᠡᠳ ᠤᠨ ᠬᠦᠰᠡᠯ ᠰᠡᠳᠬᠢᠯᠭᠡ ᠪᠡᠨ ᠢᠯᠡᠳᠭᠡᠵᠦ ᠤᠶᠠᠩᠭᠠᠯᠠᠭᠰᠠᠨ ᠠᠭᠤᠯᠭ᠎ᠠ ᠢᠯᠡᠭᠦᠦ ᠲᠤᠳᠤᠷᠠᠵᠤ ᠪᠠᠢᠳᠠᠭ ᠢᠢᠡᠷ ᠢᠢᠡᠨ ᠣᠨᠴᠠᠯᠢᠭ ᠲᠠᠢ ᠬᠡᠮᠡᠨ ᠦᠵᠡᠵᠤ ᠪᠠᠢᠨ᠎ᠠ᠃ ᠲᠤᠰ ᠦᠭᠦᠯᠡᠯ ᠳ᠋ᠤ ᠤᠢᠷᠠᠳ ᠠᠷᠠᠳ ᠤᠨ ᠲᠠᠭᠤᠤ ᠳ᠋ᠤ ᠳᠤᠰᠬᠠᠬᠳᠠᠭᠰᠠᠨ ᠡᠬᠡ ᠪᠠᠢᠭᠠᠯᠢ᠂ ᠡᠬᠡ ᠨᠤᠲᠤᠭ᠂ ᠴᠠᠭ ᠤᠯᠠᠷᠢᠯ᠂ ᠠᠮᠢ ᠠᠬᠤᠢ ᠶᠢᠨ ᠦᠵᠡᠯ ᠤᠬᠠᠮᠰᠠᠷ᠂ ᠡᠬᠡ ᠪᠠᠢᠭᠠᠯᠢ ᠶᠢᠨ ᠭᠤᠤ ᠠ ᠲᠠᠭᠠᠰᠢᠶᠠᠯ ᠤᠨ ᠦᠵᠡᠯ ᠲᠠᠨᠢᠯᠲᠠ ᠬᠢᠭᠡᠳ ᠠᠴᠢ ᠬᠣᠯᠪᠤᠭᠳᠠᠯ ᠢ ᠠᠬᠤᠢ ᠠᠮᠢᠳᠤᠷᠠᠯ᠂ ᠠᠵᠢᠯ ᠬᠦᠳᠡᠯᠮᠦᠷᠢ᠂ ᠮᠠᠯ ᠰᠦᠷᠦᠭ ᠵᠢᠴᠢ ᠠᠮᠠᠨ ᠪᠢᠯᠢᠭ ᠲᠠᠢ ᠨᠢ ᠨᠢᠭᠲᠠ ᠤᠶᠠᠯᠳᠤᠭᠤᠯᠵᠤ ᠦᠭᠦᠯᠡᠨ ᠲᠤᠭᠠᠴᠢᠵᠦ᠂ ᠢᠯᠠᠩᠭᠤᠶ ᠠ ᠬᠦᠮᠦᠰ ᠡᠬᠡ ᠪᠠᠢᠭᠠᠯᠢ ᠲᠠᠢ ᠪᠠᠨ ᠡᠶ ᠠ ᠵᠤᠬᠢᠴᠠᠵᠤ ᠤᠷᠤᠰᠢᠵᠤ ᠦᠵᠡᠯ ᠤᠬᠠᠮᠰᠠᠷ᠂ ᠰᠣᠶᠤᠯ ᠰᠡᠳᠬᠢᠯᠭᠡᠨ ᠤ ᠣᠨᠴᠠᠯᠢᠭ᠂ ᠠᠮᠢ ᠠᠬᠤᠢ ᠪᠠᠨ ᠬᠠᠢᠷᠠᠯᠠᠵᠤ᠂ ᠲᠡᠭᠦᠨ ᠤ ᠵᠤᠬᠢᠴᠠᠯ ᠢ ᠬᠠᠮᠠᠭᠠᠯᠠᠬᠤ ᠶᠢᠨ ᠦᠨ᠎ᠠ ᠦᠷᠲᠡᠭᠡ ᠬᠢᠭᠡᠳ ᠵᠠᠯᠭᠠᠮᠵᠢᠯᠠᠵᠤ ᠪᠠᠳᠠᠷᠠᠭᠤᠯᠬᠤ ᠶᠢᠨ ᠠᠴᠢ ᠬᠣᠪᠤᠭᠳᠠᠯ ᠵᠡᠷᠭᠡ ᠲᠠᠯ ᠠ ᠡᠴᠡ ᠦᠭᠦᠯᠡᠵᠡᠢ᠃
Original Literature No Original Paper
出自 西部蒙古论坛 2022年 第1期

联系我们


内蒙古大学图书馆
呼和浩特市大学西路235号
中国·内蒙古
P: (0471) 4992561
E: huangfeilong@imu.edu.cn