Title |
《 ᠭᠡᠰᠡᠷ ᠤᠨ ᠲᠤᠭᠤᠵᠢ》 ᠶᠢᠨ ᠤᠷᠠᠨ ᠠᠬᠤᠢ ᠶᠢᠨ ᠪᠦᠲᠦᠭᠡᠯᠲᠡ ᠳ᠋ᠡᠬᠢ ᠴᠠᠭ ᠤᠨ ᠪᠦᠲᠦᠴᠡ ᠶᠢᠨ ᠪᠦᠷᠢᠯᠳᠦᠯ |
Creator |
ᠪᠢᠴᠢᠯᠦᠨ |
Keyword |
《 ᠭᠡᠰᠡᠷ ᠤᠨ ᠲᠤᠭᠤᠵᠢ》︔ ᠤᠷᠠᠨ ᠠᠬᠤᠢ︔ ᠴᠠᠭ ᠬᠤᠭᠤᠴᠠᠭᠠᠨ ᠤ ᠪᠦᠲᠦᠴᠡ |
Abstract |
《 ᠭᠡᠰᠡᠷ ᠤᠨ ᠲᠤᠭᠤᠵᠢ》 ᠶᠢᠨ ᠤᠷᠠᠨ ᠠᠬᠤᠢ ᠶᠢᠨ ᠪᠦᠲᠦᠭᠡᠯᠲᠡ ᠪᠣᠯ ᠦᠢᠯᠡ ᠶᠠᠪᠤᠳᠠᠯ ᠤᠨ ᠬᠦᠦᠷᠨᠢᠯ᠂ ᠤᠷᠠᠨ ᠳᠦᠷᠢ ᠶᠢᠨ ᠪᠦᠲᠦᠭᠡᠯᠲᠡ ᠲᠠᠢ ᠨᠢ ᠠᠳᠠᠯᠢᠬᠠᠨ ᠤᠷᠠᠨ ᠲᠤᠭᠤᠷᠪᠢᠯ ᠳ᠋ᠤ ᠨᠢ ᠬᠣᠯᠪᠤᠭᠳᠠᠬᠤ ᠴᠢᠬᠤᠯᠠ ᠠᠰᠠᠭᠤᠳᠠᠯ ᠪᠤᠯᠤᠨ᠎ᠠ᠃《 ᠭᠡᠰᠡᠷ ᠤᠨ ᠲᠤᠭᠤᠵᠢ》 ᠶᠢᠨ ᠤᠷᠠᠨ ᠠᠬᠤᠢ ᠵᠢ ᠪᠦᠷᠢᠯᠳᠦᠬᠦᠯᠵᠦ ᠪᠠᠢᠭ᠎ᠠ ᠨᠢᠭᠡᠨ ᠴᠢᠬᠤᠯᠠ ᠡᠯᠸᠮᠸᠨ᠋ᠲ ᠪᠤᠯ ᠴᠠᠭ ᠬᠤᠭᠤᠴᠠᠭ᠎ᠠ ᠪᠤᠯᠬᠤ ᠶᠤᠮ᠃ 《 ᠭᠡᠰᠡᠷ ᠤᠨ ᠲᠤᠭᠤᠵᠢ》 ᠶᠢᠨ ᠤᠷᠠᠨ ᠠᠬᠤᠢ ᠶᠢᠨ ᠴᠠᠭ ᠬᠤᠭᠤᠴᠠᠭᠠᠨ ᠤ ᠪᠦᠲᠦᠴᠡ ᠵᠢ ᠰᠢᠨᠵᠢᠯᠡᠬᠦ ᠳ᠋ᠤ᠂ ᠲᠡᠷᠡ ᠨᠢ ᠳᠠᠪᠬᠤᠷᠭ᠎ᠠ ᠶᠢᠨ ᠰᠢᠨᠵᠢ ᠲᠠᠢ ᠮᠦᠷᠲᠡᠭᠡᠨ ᠪᠠᠰᠠ ᠴᠣᠪᠤᠭ᠎ᠠ ᠴᠠᠭ ᠬᠢᠭᠡᠳ ᠬᠠᠮ ᠴᠠᠭ ᠭᠡᠬᠦ ᠬᠤᠶᠠᠷ ᠵᠦᠢᠯ ᠤᠨ ᠣᠨᠴᠠᠯᠢᠭ ᠰᠢᠨᠵᠢ ᠵᠢ ᠪᠦᠷᠢᠯᠳᠦᠭᠦᠯᠦᠭᠰᠡᠨ ᠪᠠᠢᠨ᠎ᠠ᠃ ᠡᠢᠮᠦᠷᠬᠦᠦ ᠴᠠᠭ ᠤᠨ ᠪᠦᠲᠦᠴᠡ ᠶᠢᠨ ᠪᠦᠷᠢᠯᠳᠦᠯ ᠨᠢ ᠲᠡᠭᠦᠨ ᠤ ᠤᠷᠠᠨ ᠠᠬᠤᠢ ᠶᠢᠨ ᠪᠦᠲᠦᠭᠡᠯᠭᠡ ᠳ᠋ᠡᠬᠢ ᠱᠠᠰᠢᠨ ᠤ ᠨᠦᠯᠦᠭᠡᠯᠡᠯ ᠤᠨ ᠦᠷ ᠡ ᠳ᠋ᠦᠩ ᠪᠣᠯᠬᠤ ᠮᠦᠷᠲᠡᠭᠡᠨ ᠬᠦᠦᠷᠨᠢᠯ ᠤᠨ ᠤᠷ ᠠ ᠳᠡᠮ ᠤᠨ ᠢᠯᠡᠷᠡᠯ ᠪᠤᠯᠬᠤ ᠶᠤᠮ᠃ ᠡᠨᠡ ᠨᠢ 《 ᠭᠡᠰᠡᠷ ᠤᠨ ᠲᠤᠭᠤᠵᠢ》 ᠶᠢᠨ ᠰᠢᠯᠦᠭ ᠵᠦᠢ ᠳ᠋ᠤ ᠱᠠᠰᠢᠨ ᠰᠣᠶᠤᠯ ᠤᠨ ᠦᠪᠡᠷᠮᠢᠴᠡ ᠡᠯᠸᠮᠸᠨᠲ ᠪᠠ ᠤᠷᠠᠯᠢᠭ ᠲᠤᠭᠤᠷᠪᠢᠯ ᠤᠨ ᠨᠡᠢᠲᠡᠯᠢᠭ ᠡᠯᠸᠮᠸᠨ᠋ᠲ ᠵᠡᠷᠭᠡᠴᠡᠨ ᠣᠷᠤᠰᠢᠵᠤ ᠪᠠᠢᠭ᠎ᠠ ᠵᠢ ᠬᠠᠷᠠᠭᠤᠯᠵᠤ ᠪᠠᠢᠨ᠎ᠠ᠃ |
Original Literature |
No Original Paper
|
出自 |
内蒙古社会科学(蒙文版)
2023年
第5期
|