Abstract |
ᠬᠠᠷᠢᠴᠠᠭᠯᠤᠤᠭᠰᠠᠨ ᠤᠳᠬ ᠠ ᠵᠤᠬᠢᠶᠠᠯ ᠤᠨ ᠬᠤᠪᠢᠰᠤᠯ ᠵᠦᠢ ᠶᠢᠨ ᠬᠠᠷᠭᠠᠰᠤ ᠡᠴᠡ ᠤᠳᠬ ᠠ ᠵᠤᠬᠢᠶᠠᠯ ᠤᠨ ᠬᠠᠷᠢᠴᠠᠭᠠᠨ ᠤ ᠠᠰᠠᠭᠤᠳᠠᠯ ᠢ ᠰᠢᠨᠵᠢᠯᠡᠬᠦ ᠨᠢ ᠬᠠᠷᠢᠴᠠᠭᠤᠯᠤᠭᠰᠠᠨ ᠤᠳᠬ ᠠ ᠵᠤᠬᠢᠶᠠᠯ ᠤᠨ ᠨᠦᠯᠦᠭᠡ ᠰᠣᠳᠤᠯᠤᠯ ᠳ᠋ᠤ ᠤᠮᠳᠤᠭᠠᠯᠠᠭᠳᠠᠵᠤ ᠪᠠᠢᠭᠰᠠᠨ ᠠᠳᠠᠯᠢ ᠪᠤᠰᠤ ᠰᠣᠶᠤᠯ ᠤᠨ ᠠᠳᠠᠯᠢᠪᠲᠤᠷ ᠰᠢᠨᠵᠢ ᠵᠢᠴᠢ ᠢᠯᠭᠠᠭᠠᠠᠵᠦᠷᠢᠶ ᠠ ᠰᠢᠨᠵᠢ ᠵᠢ ᠭᠦᠢᠴᠡᠳ ᠪᠣᠳᠤᠯᠬᠢᠯᠠᠬᠤ ᠪᠣᠯᠭᠠᠵᠠᠢ᠃ ᠮᠣᠩᠭᠤᠯ ᠦᠨᠳᠦᠰᠦᠲᠡᠨ ᠤ ᠰᠢᠯᠦᠭᠴᠢ ᠴᠢᠮᠡᠳᠳᠣᠷᠵᠢ ᠶᠢᠨ 《 ᠪᠣᠳᠠᠢ ᠴᠠᠭᠠᠨ ᠬᠬᠦᠭᠦᠷᠭᠡᠰᠦᠨ ᠤ ᠨᠠᠮᠲᠠᠷ》 ᠨᠠᠢᠷᠠᠭᠯᠠᠯ ᠬᠢᠭᠡᠳ ᠵᠤᠸᠠᠩ ᠦᠨᠳᠦᠰᠦᠲᠡᠨ ᠤ ᠰᠢᠯᠦᠭᠴᠢ ᠸᠸᠢ ᠴᠢ ᠯᠢᠨ ᠤ《 ᠦᠳᠦᠨ ᠳᠡᠪᠡᠯ》ᠨᠠᠢᠷᠠᠭᠯᠠᠯ ᠢ ᠬᠠᠷᠢᠴᠠᠭᠤᠯᠵᠤ ᠦᠵᠡᠪᠡᠯ᠂ ᠬᠤᠶᠠᠷ ᠪᠦᠲᠦᠭᠡᠯ ᠨᠢ ᠬᠠᠷᠠᠭᠠᠯᠵᠠᠭᠰᠠᠨ ᠲᠦᠷᠢ ᠲᠦᠰᠦᠪᠯᠡᠪᠡ᠂ ᠤᠯᠠᠨ ᠳᠠᠪᠬᠤᠷᠭᠠᠲᠤ ᠦᠵᠡᠯ ᠤᠬᠠᠮᠰᠠᠷ ᠤᠨ ᠢᠯᠡᠷᠡᠬᠦᠯᠦᠯ᠂ ᠠᠷᠠᠳ ᠤᠨ ᠠᠮᠠᠨ ᠵᠤᠬᠢᠶᠠᠯ ᠤᠨ ᠳᠠᠬᠢᠨ ᠪᠦᠲᠦᠭᠡᠯᠭᠡ ᠶᠢᠨ ᠲᠠᠯ ᠠ ᠪᠡᠷ ᠠᠳᠠᠯᠢᠪᠲᠤᠷ ᠪᠤᠯᠵᠤ ᠦᠨᠳᠦᠰᠦᠲᠡᠨ ᠤ ᠰᠢᠨᠵᠢ᠂ ᠨᠤᠲᠤᠭ ᠤᠰᠤᠨ ᠤ ᠣᠨᠴᠠᠯᠢᠭ ᠪᠠ ᠰᠢᠯᠦᠭᠴᠢ ᠶᠢᠨ ᠪᠤᠳᠠᠭᠠᠯᠢ ᠬᠦᠡᠭᠡᠴᠡᠯᠳᠦᠯ ᠤᠨ ᠲᠠᠯ ᠠ ᠪᠡᠷ ᠢᠯᠡ ᠲᠤᠳᠤᠷᠬᠠᠢ ᠵᠦᠷᠢᠶ ᠠ ᠤᠷᠤᠰᠢᠵᠤ ᠪᠤᠢ᠃ |