Abstract |
ᠮᠣᠩᠭᠤᠯᠵᠢᠨ ᠤ ᠪᠦᠬᠡᠲᠦᠳ ᠣᠤᠴᠭ ᠪᠣᠯ《 ᠮᠣᠩᠭᠤᠯ ᠤᠨ ᠨᠢᠭᠤᠴᠠ ᠲᠤᠪᠴᠢᠶᠠᠨ》 ᠳ᠋ᠤ ᠲᠡᠮᠳᠡᠭᠯᠡᠭᠳᠡᠭᠰᠡᠨ ᠬᠦᠮᠦᠨ ᠤ ᠨᠡᠷ ᠠ《ᠪᠦᠬᠦᠨᠦᠳᠡᠢ》 ᠡᠴᠡ ᠢᠷᠡᠯᠲᠡ ᠲᠠᠢ ᠶᠤᠮ᠃ ᠲᠤᠰ ᠣᠪᠤᠭᠲᠠᠨ ᠤ ᠮᠣᠩᠭᠤᠯᠵᠢᠨ ᠬᠤᠰᠢᠭᠤ ᠶᠢᠨ ᠨᠢᠭᠡᠳᠦᠭᠡᠷ ᠦᠶ ᠡ ᠶᠢᠨ ᠲᠡᠭᠡᠳᠦᠪᠦᠬᠡᠲᠡᠮᠦᠷ ᠭᠡᠳᠡᠭ ᠨᠡᠷ ᠠ ᠲᠠᠢᠮ᠂ ᠤᠭ ᠨᠤᠲᠤᠭ ᠨᠢ ᠣᠳᠤ ᠶᠢᠨ ᠦᠪᠦᠷ ᠮᠣᠩᠭᠤᠯ ᠤᠨ ᠬᠦᠬᠡᠬᠤᠲᠠ ᠣᠷᠴᠢᠮ ᠳ᠋ᠤ ᠪᠠᠢᠵᠠᠢ᠃ ᠲᠡᠷᠡ ᠪᠡᠷ ᠪᠠᠷᠤᠭ1630 ᠣᠨ ᠤ ᠦᠶ ᠡ ᠪᠡᠷ ᠮᠣᠩᠭᠤᠯᠵᠢᠨ ᠬᠤᠰᠢᠭᠤ ᠳ᠋ᠤ ᠨᠡᠭᠦᠨ ᠢᠷᠡᠨᠵᠤ ᠨᠤᠲᠤᠭᠰᠢᠭᠠᠳ᠂ ᠣᠳᠤ ᠨᠢᠭᠡᠨᠲᠡ18 ᠦᠶ ᠠ ᠶᠢᠨ ᠬᠦᠮᠦᠨ ᠦᠷᠡᠵᠢᠨ ᠳᠡᠯᠭᠡᠷᠡᠪᠡ᠃ ᠲᠤᠰ ᠸᠪᠤᠭᠲᠠᠨ ᠤ ᠬᠢᠨ ᠤᠳᠠᠭᠠᠨ ᠵᠢᠯ ᠤᠨ ᠬᠠᠲᠠᠭᠤ ᠰᠢᠷᠭᠠᠭᠤ ᠬᠠᠢᠨ ᠰᠦᠪᠡᠭᠴᠢᠯᠡᠯᠲᠡ ᠪᠡᠷ ᠲᠠᠮᠵᠢᠨ᠂ ᠦᠪᠡᠷ ᠤᠨ ᠤᠯᠠᠮᠵᠢᠯᠠᠯᠲᠤ ᠭᠡᠷ ᠤᠨ ᠴᠠᠳᠢᠭ ᠢᠢᠡᠨ ᠠᠭᠤᠳᠠᠯᠤᠨ ᠰᠡᠷᠭᠦᠭᠡᠵᠦ᠂ ᠵᠠᠯᠭᠠᠨ ᠰᠢᠨᠡᠳᠭᠡᠵᠦ᠂ ᠤᠪᠤᠭ ᠤᠭᠰᠠᠭ᠎ᠠ ᠶᠢᠨ ᠢᠢᠡᠨ ᠡᠭᠦᠰᠦᠯᠲᠡ ᠢᠷᠡᠯᠲᠡ᠂ ᠰᠢᠯᠵᠢᠯᠲᠡ ᠲᠠᠷᠬᠠᠯᠲᠠ ᠪᠠ ᠬᠤᠪᠢᠷᠠᠯᠲᠠ ᠬᠦᠭᠵᠢᠯᠲᠡ ᠶᠢᠨ ᠪᠠᠢᠳᠠᠯ ᠢ ᠲᠣᠳᠤᠯᠠᠨ ᠡᠮᠬᠢᠳᠭᠡᠭᠰᠡᠨ ᠪᠠᠢᠨ᠎ᠠ᠃ |