Title |
《 ᠰᠠᠷᠠᠨ ᠤ ᠭᠡᠷᠡᠯ》 ᠤᠨ ᠮᠠᠩᠬᠠᠨ ᠰᠣᠮᠤᠨ ᠤ ᠪᠠ ᠨᠠᠴᠤᠭ ᠪᠠᠢᠰᠠ ᠶᠢᠨ ᠲᠤᠳᠤ ᠦᠰᠦᠭ ᠤᠨ ᠲᠸᠺᠰᠲ ᠤᠨ ᠬᠠᠷᠢᠴᠠᠭ᠎ᠠ ᠵᠢ ᠲᠤᠳᠤᠷᠠᠭᠤᠯᠬᠤ ᠨᠢ |
Creator |
ᠪᠤᠷᠵᠢᠬᠢᠨ ᠠᠯᠳᠠᠷᠲᠤ |
Keyword |
《 ᠰᠠᠷᠠᠨ ᠤ ᠭᠡᠷᠡᠯ》︔ ᠮᠠᠩᠬᠠᠨ ᠰᠣᠮᠤᠨ ᠤ ᠲᠤᠳᠤ ᠦᠰᠦᠭ ᠤᠨ ᠲᠸᠺᠰᠲ︔ ᠨᠠᠴᠤᠭ ᠪᠠᠢᠰᠠ ᠶᠢᠨ ᠲᠤᠳᠤ ᠦᠰᠦᠭ ᠤᠨ ᠲᠸᠺᠰᠲ︔ ᠬᠠᠷᠢᠴᠠᠭ᠎ᠠ |
Abstract |
《 ᠰᠠᠷᠠᠨ ᠤ ᠭᠡᠷᠡᠯ》ᠪᠣᠯ ᠤᠢᠷᠠᠳ ᠤᠨ ᠲᠡᠦᠬᠡ ᠤᠷᠠᠨ ᠵᠤᠬᠢᠶᠠᠯ ᠤᠨ ᠴᠢᠬᠤᠯᠠ ᠰᠣᠷᠪᠤᠯᠵᠢ ᠪᠢᠴᠢᠭ ᠮᠦᠨ᠃17 ᠳ᠋ᠤᠭᠠᠷ ᠵᠠᠭᠤᠨ ᠤ ᠶᠡᠷᠡᠭᠡᠳ ᠣᠨ ᠳ᠋ᠤ ᠵᠤᠬᠢᠶᠠᠭᠳᠠᠭᠰᠠᠨ ᠴᠠᠭ ᠡᠴᠡ ᠣᠢᠷᠠᠳ ᠪᠠ ᠬᠠᠯᠢᠮᠠᠭ ᠤᠨ ᠪᠢᠴᠢᠭ ᠲᠠᠢ ᠬᠦᠮᠦᠰ ᠲᠤᠰ ᠨᠠᠮᠲᠠᠷ ᠢ ᠭᠠᠷ ᠳᠠᠮᠵᠢᠨ ᠬᠠᠭᠤᠯᠤᠭᠰᠠᠨ ᠪᠠᠢᠪᠠ᠃ᠡᠳᠦᠭᠡ《 ᠰᠠᠷᠠᠨ ᠤ ᠭᠡᠷᠡᠯ》 ᠤᠨ ᠲᠤᠬᠠᠢ 4 ᠵᠦᠢᠯ ᠤᠨ ᠲᠤᠳᠤ ᠦᠰᠦᠭ ᠤᠨ ᠲᠸᠺᠰᠲ ᠪᠠ1 ᠵᠦᠢᠯ ᠤᠨ ᠤᠢᠭᠤᠷᠵᠢᠨ ᠮᠣᠩᠭᠤᠯ ᠦᠰᠦᠭ ᠤᠨ ᠲᠸᠺᠰᠲ ᠣᠯᠳᠠᠭᠠᠳ ᠪᠤᠢ᠃ 《 ᠰᠠᠷ᠎ᠠ ᠤᠨ ᠭᠡᠷᠡᠯ》 ᠤᠨ ᠲᠤᠳᠤ ᠦᠰᠦᠭ ᠤᠨ ᠲᠸᠺᠰᠲ ᠤᠳ ᠢ ᠨᠠᠷᠢᠨ ᠲᠤᠯᠭᠠᠨ ᠬᠠᠷᠭᠤᠭᠤᠯᠵᠤ ᠬᠠᠷᠢᠴᠠᠭ᠎ᠠ ᠵᠢ ᠨᠢ ᠲᠤᠳᠤᠷᠠᠭᠤᠯᠤᠭᠰᠠᠨ ᠰᠣᠳᠤᠯᠭᠠᠨ ᠣᠳᠤ ᠪᠣᠯᠲᠠᠯ ᠠ ᠬᠠᠷᠠᠬᠠᠨ ᠶᠠᠪᠤᠭᠳᠠᠭ᠎ᠠ ᠦᠭᠡᠢ ᠪᠠᠢᠭᠰᠠᠭᠠᠷ᠃《 ᠰᠠᠷᠠᠨ ᠤ ᠭᠡᠷᠡᠯ》 ᠤᠨ ᠮᠠᠩᠬᠠᠨ ᠰᠣᠮᠤᠨ ᠤ ᠪᠠ ᠨᠠᠴᠤᠭ ᠪᠠᠢᠰᠠ ᠶᠢᠨ ᠲᠤᠳᠤ ᠦᠰᠦᠭ ᠤᠨ ᠲᠸᠡᠺᠰᠲ ᠢ ᠲᠤᠯᠭᠠᠨ ᠬᠠᠷᠠᠭᠤᠭᠤᠯᠵᠤ ᠦᠵᠡᠪᠡᠯ᠂ ᠲᠤᠰ ᠬᠤᠶᠠᠷ ᠲᠸᠺᠰᠲ ᠪᠣᠯ ᠨᠢᠭᠡ ᠡᠬᠡ ᠳᠡᠪᠲᠡᠷ ᠡᠴᠡ ᠰᠠᠯᠪᠤᠷᠢᠯᠠᠭᠰᠠᠨ ᠬᠣᠪᠢᠯᠪᠤᠷᠢ ᠶᠤᠮ᠃ ᠡᠨᠡ ᠨᠢ 《 ᠰᠠᠷᠠᠨ ᠤ ᠭᠡᠷᠡᠯ》 ᠤᠨ ᠬᠤᠢᠰᠢᠲᠠ ᠶᠢᠨ ᠡᠬᠡᠬ ᠳᠡᠪᠲᠡᠷ ᠤᠨ ᠬᠠᠷᠢᠴᠠᠭᠠᠨ ᠤ ᠲᠤᠬᠠᠢ ᠠᠰᠠᠭᠤᠳᠠᠯ ᠤᠨ ᠰᠣᠳᠤᠯᠭᠠᠨ ᠳ᠋ᠤ ᠴᠢᠬᠤᠯᠠ ᠠᠴᠢ ᠬᠣᠯᠪᠤᠭᠳᠠᠯ ᠲᠠᠢ ᠶᠤᠮ᠃ |
Original Literature |
No Original Paper
|
出自 |
内蒙古社会科学(蒙文版)
2023年
第1期
|