| Abstract |
ᠲᠠᠢᠴᠢᠩ ᠬᠦᠷᠦᠨ ᠪᠠ ᠢᠷᠭᠡᠨ ᠤᠯᠤᠰ ᠤᠨ ᠦᠶ ᠠ ᠳ᠋ᠤ ᠦᠨᠦ ᠶᠢᠨ ᠰᠢᠯᠢᠩᠬᠤᠲᠠ ᠶᠢᠨ ᠪᠠᠷᠠᠭᠤᠨ ᠬᠡᠰᠡᠭ ᠪᠠ ᠠᠪᠠᠭ᠎ᠠ ᠬᠤᠰᠢᠭᠤᠨ ᠤ ᠨᠤᠲᠤᠭ ᠢᠢᠡᠷ ᠪᠡᠯᠭᠦᠳᠡᠢ ᠶᠢᠨ ᠤᠳᠤᠮ ᠤᠨ ᠬᠠᠷᠢᠶᠠᠨ ᠳ᠋ᠡᠬᠢ ᠵᠡᠭᠦᠨ ᠪᠠᠷᠠᠭᠤᠨ ᠠᠪᠠᠭ᠎ᠠ ᠠᠪᠠᠭᠨᠠᠷ ᠬᠡᠮᠡᠬᠦ ᠲᠦᠷᠤᠡᠨ ᠬᠤᠰᠢᠭᠤ ᠪᠠᠢᠭᠰᠠᠨ ᠶᠤᠮ᠃ ᠦᠭᠦᠯᠡᠯ ᠳ᠋ᠤ ᠭᠸᠷᠮᠠᠨ ᠤ ᠪᠸᠯᠢᠨ ᠳ᠋ᠡᠬᠢ ᠤᠯᠤᠰ ᠤᠨ ᠰᠠᠩ ᠪᠠ ᠶᠠᠫᠤᠨ ᠤ ᠲᠤᠤᠺᠢᠤ᠋ ᠭᠠᠳᠠᠭᠠᠲᠤ ᠬᠡᠯᠡᠨ ᠤ ᠶᠡᠬᠡ ᠰᠤᠷᠭᠠᠭᠤᠯᠢ ᠶᠢᠨ ᠨᠣᠮ ᠤᠨ ᠰᠠᠩ ᠳ᠋ᠤ ᠬᠠᠳᠠᠭᠠᠯᠠᠵᠤ ᠪᠠᠢᠭ᠎ᠠ ᠠᠪᠠᠭ᠎ᠠ᠂ ᠠᠪᠠᠭᠨᠠᠷ ᠬᠤᠰᠢᠭᠤᠨ ᠤ ᠨᠤᠲᠤᠭ ᠤᠨ ᠵᠢᠷᠤᠭ ᠤᠳ ᠢ ᠦᠨᠳᠦᠰᠦᠯᠡᠨ᠂ ᠬᠡᠭᠡᠷ ᠠ ᠶᠢᠨ ᠰᠢᠨᠵᠢᠯᠡᠭᠡᠨ ᠢᠢᠡᠷ ᠲᠠᠮᠵᠢᠨ ᠪᠠᠷᠠᠭᠤᠨ ᠠᠪᠠᠭ᠎ᠠ᠂ ᠪᠠᠷᠠᠭᠤᠨ ᠠᠪᠠᠭᠨᠠᠷ ᠬᠤᠶᠠᠷ ᠬᠤᠰᠢᠭᠤᠨ ᠤ ᠨᠤᠲᠤᠭ ᠤᠨ ᠵᠠᠭᠠᠭ ᠢ ᠲᠤᠳᠤᠷᠠᠭᠤᠯᠬᠤ ᠶᠢᠨ ᠬᠠᠮᠲᠤ ᠲᠠᠢᠴᠢᠩ ᠬᠦᠷᠦᠨ ᠤ ᠦᠶ ᠠ ᠶᠢᠨᠬᠢᠲᠡᠳ ᠰᠣᠷᠪᠤᠯᠵᠢᠰ ᠤᠨ ᠲᠤᠳᠤᠷᠠᠬᠢ ᠠᠪᠠᠭ᠎ᠠ ᠠᠪᠠᠭᠨᠠᠷ ᠲᠦᠪᠡᠨ ᠬᠤᠰᠢᠭᠤᠨ ᠤ ᠵᠡᠭᠦᠨ ᠪᠠᠷᠠᠭᠤᠨ ᠭᠠᠷ ᠢ ᠬᠤᠳᠬᠤᠯᠳᠤᠭᠤᠯᠤᠭᠰᠠᠨ᠂ ᠲᠦᠷᠪᠡᠨ ᠬᠤᠰᠢᠭᠤᠨ ᠤ ᠪᠠᠢᠷᠢᠰᠯ ᠢ ᠨᠠᠳᠠᠭᠤᠷᠠᠭᠰᠠᠨ ᠵᠡᠷᠭᠡ ᠠᠯᠳᠠᠭ᠎ᠠ ᠪᠤᠷᠤᠭᠤ ᠨᠤᠭᠤᠳ ᠢ ᠵᠠᠯᠠᠷᠠᠭᠤᠯᠵᠠᠢ᠃ |