Paper Information


Title ᠤᠯᠤᠰ ᠤᠨ ᠲᠤᠳᠤᠭᠠᠲᠤ ᠳ᠋ᠡᠬᠢ ᠬᠣᠪᠤᠷ ᠬᠠᠳᠠᠭᠠᠯᠠᠮᠵᠢ 《 ᠵᠢᠨ ᠫᠢᠩ ᠮᠸᠢ》 ᠪᠢᠴᠢᠭ ᠤᠨ ᠨᠢᠭᠡ ᠬᠣᠪᠢ ᠮᠣᠩᠭᠤᠯ ᠣᠷᠴᠢᠭᠤᠯᠭ᠎ᠠ ᠶᠢᠨ ᠪᠢᠴᠢᠮᠡᠯ ᠲᠡᠪᠲᠡᠷ ᠤᠨ ᠲᠤᠬᠠᠢ ᠰᠢᠨᠵᠢᠯᠡᠬᠦ ᠨᠢ
Creator ᠵᠢᠤᠢ ᠪᠤᠤ
Keyword 《ᠵᠢᠨ ᠫᠢᠩ ᠮᠸᠢ》 ᠪᠢᠴᠢᠭ︔ ᠮᠠᠨᠵᠤ︔ ᠮᠣᠩᠭᠤᠯ︔ ᠣᠷᠴᠢᠭᠤᠯᠭ᠎ᠠ︔ ᠪᠢᠴᠢᠮᠡᠯ ᠲᠡᠪᠲᠡᠷ
Abstract ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠨᠣᠮ ᠤᠨ ᠰᠠᠩ ᠳ᠋ᠤ ᠨᠢᠭᠡᠨ ᠲᠡᠪᠲᠡᠷ《 ᠵᠢᠨ ᠫᠢᠩ ᠮᠸᠢ》 ᠪᠢᠤᠢᠭ ᠤᠨ ᠭᠠᠭᠴᠠ ᠪᠦᠯᠦᠭᠲᠦ ᠮᠣᠩᠭᠤᠯ ᠠᠷᠴᠢᠭᠤᠯᠭ᠎ᠠ ᠶᠢᠨ ᠦᠯᠡᠳᠡᠭᠳᠡᠯ ᠲᠡᠪᠲᠡᠷ ᠬᠠᠳᠠᠭᠠᠯᠭᠳᠠᠵᠤ᠂ ᠣᠳᠤ ᠪᠣᠯᠳᠠᠯ ᠠ ᠰᠣᠳᠤᠯᠤᠭᠴᠢᠳ ᠤᠨ ᠠᠩᠬᠠᠷᠤᠯ ᠳ᠋ᠤ ᠣᠷᠤᠭ᠎ᠠ ᠦᠭᠡᠢ ᠪᠠᠢᠭᠰᠠᠭᠠᠷ᠃ 《 ᠵᠢᠨ ᠫᠢᠩ ᠮᠸᠢ》 ᠪᠢᠴᠢᠭ ᠤᠨ ᠬᠠᠮᠢᠶ ᠠ ᠪᠦᠬᠦᠢ ᠬᠢᠲᠡᠳ ᠪᠡᠷ ᠲᠡᠪᠲᠡᠷ᠂ ᠮᠠᠨᠵᠤ ᠣᠷᠴᠢᠭᠤᠯᠭ᠎ᠠ ᠶᠢᠨ ᠲᠡᠪᠲᠡᠷ ᠯᠤᠭᠡ ᠶᠢᠨ ᠬᠤᠭᠤᠷᠤᠨᠳᠤᠬᠢ ᠬᠠᠷᠢᠴᠠᠭ᠎ᠠ ᠬᠣᠯᠪᠤᠭ᠎ᠠ ᠡᠴᠡ ᠦᠵᠡᠪᠡᠯ᠂ ᠲᠤᠰ ᠲᠡᠪᠲᠡᠷ ᠡᠩᠬᠡ ᠠᠮᠤᠭᠤᠯᠠᠩ ᠤᠨ ᠲᠦᠴᠢᠨ ᠲᠤᠯᠤᠳᠤᠭᠠᠷ ᠣᠨ ᠤ ᠮᠠᠨᠵᠤ ᠣᠷᠴᠢᠭᠤᠯᠭ᠎ᠠ ᠶᠢᠨ ᠰᠡᠢᠯᠦᠮᠡᠯ ᠲᠡ4ᠪᠲᠡᠷ ᠡᠴᠡ ᠤᠷᠴᠢᠭᠤᠯᠤᠭᠳᠠᠭᠰᠠᠨ ᠨᠢ ᠲᠤᠳᠤᠷᠬᠠᠢ᠃ ᠲᠤᠰ ᠲᠡᠪᠲᠡᠷ ᠨᠢ ᠮᠣᠩᠭᠤᠯ ᠤᠯᠤᠰ ᠲᠤ ᠬᠠᠳᠠᠭᠠᠯᠠᠭᠳᠠᠵᠤ ᠪᠦᠬᠦᠢ 《 ᠵᠢᠨ ᠫᠢᠩ ᠮᠸᠢ》 ᠪᠢᠴᠢᠭ ᠤᠨ ᠮᠣᠩᠭᠤᠯ ᠣᠷᠴᠢᠭᠤᠯᠭ᠎ᠠ ᠶᠢᠨ ᠲᠡᠪᠲᠡᠷ ᠤᠳ ᠲᠠᠢ ᠢᠯᠡᠳᠲᠡ ᠵᠦᠷᠢᠶ ᠠ ᠲᠠᠢ ᠨᠢᠭᠡ ᠵᠦᠢᠯ ᠤᠨ ᠦᠪᠡᠷᠮᠢᠴᠡ ᠣᠨᠴᠠᠯᠢᠭ ᠪᠦᠬᠦᠢ ᠣᠷᠴᠢᠭᠤᠯᠭ᠎ᠠ ᠪᠠᠢᠵᠦ᠂ 《 ᠵᠢᠨ ᠫᠢᠩ ᠮᠸᠢ》 ᠪᠢᠴᠢᠭ ᠤᠨ ᠮᠣᠩᠭᠤᠯ ᠣᠷᠴᠢᠭᠤᠯᠭ᠎ᠠ ᠶᠢᠨ ᠲᠠᠷᠬᠠᠯᠲᠠ ᠬᠢᠭᠡᠳ ᠪᠠᠷ ᠲᠡᠪᠲᠡᠷ ᠤᠨ ᠰᠣᠳᠤᠯᠤᠯ᠂ ᠴᠢᠩ ᠤᠯᠤᠰ ᠤᠨ ᠦᠶ ᠠ ᠶᠢᠨ ᠬᠢᠲᠠᠳ ᠦᠨᠳᠦᠰᠦᠲᠡᠨ ᠤ ᠲᠤᠭᠤᠵᠢᠰ ᠤᠨ ᠮᠠᠨᠵᠤ ᠮᠣᠩᠭᠤᠯ ᠣᠷᠴᠢᠭᠤᠯᠭ᠎ᠠ ᠶᠢᠨ ᠰᠣᠳᠤᠯᠤᠯ᠂ ᠴᠢᠩ ᠤᠯᠤᠰ ᠤᠨ ᠦᠶ ᠠ ᠶᠢᠨ ᠬᠢᠲᠠᠳ ᠮᠠᠨᠵᠤ ᠮᠣᠩᠭᠤᠯ ᠦᠨᠳᠦᠰᠦᠲᠡᠨ ᠤ ᠤᠳᠬ ᠠ ᠵᠤᠬᠢᠶᠠᠯ ᠤᠨ ᠰᠣᠯᠢᠯᠴᠠᠭ᠎ᠠ ᠰᠣᠳᠤᠯᠤᠯ ᠤᠨ ᠴᠢᠬᠤᠯᠠ ᠨᠢᠭᠡ ᠮᠠᠲ᠋ᠸᠷᠢᠶᠠᠯ ᠪᠤᠯᠤᠨ᠎ᠠ᠃
Original Literature No Original Paper
出自 中国蒙古学 2023年 第5期

联系我们


内蒙古大学图书馆
呼和浩特市大学西路235号
中国·内蒙古
P: (0471) 4992561
E: huangfeilong@imu.edu.cn