Paper Information


Title ᠮᠣᠩᠭᠤᠯ ᠪᠠᠭᠠᠲᠤᠷᠯᠢᠭ ᠲᠤᠤᠯᠢ ᠳ᠋ᠡᠬᠢ 《 ᠡᠷ ᠠ ᠶᠢᠨ ᠭᠤᠷᠪᠠᠨ ᠮᠦᠷᠦᠢ》 ᠶᠢᠨ ᠰᠣᠶᠤᠯ ᠤᠨ ᠠᠭᠤᠯᠬᠤᠨ ᠢ ᠦᠭᠦᠯᠡᠬᠦ ᠨᠢ
Creator ᠬᠤᠩ ᠰᠢᠶᠠ︔ ᠡᠷᠳᠡᠨᠢᠭᠤᠤ ᠠ
Keyword ᠮᠣᠩᠭᠤᠯ ᠪᠠᠭᠠᠲᠤᠷᠯᠢᠭ ᠲᠤᠤᠯᠢ︔ 《 ᠡᠷ ᠠ ᠶᠢᠨ ᠭᠤᠷᠪᠠᠨ ᠮᠦᠷᠦᠢ》︔ ᠰᠣᠶᠤᠯ ᠤᠨ ᠠᠭᠤᠯᠬᠤᠨ
Abstract ᠮᠣᠩᠭᠤᠯ ᠪᠠᠭᠠᠲᠤᠷᠯᠢᠭ ᠲᠤᠤᠯᠢ ᠶᠢᠨ ᠦᠨᠳᠦᠰᠦᠨ ᠰᠡᠳᠦᠪᠯᠡᠬᠦᠨ ᠪᠣᠯᠤᠭᠰᠠᠨ ᠤᠷᠤᠭ ᠬᠤᠷᠢᠮ ᠬᠢᠭᠡᠳ ᠲᠠᠢᠨ ᠪᠠᠢᠯᠳᠤᠭᠠᠨ ᠤ ᠮᠣᠲ᠋ᠢᠹ ᠲᠤ ᠪᠠᠭᠠᠲᠤᠳ ᠤᠨ ᠢᠳᠡ ᠬᠦᠴᠦᠨ ᠢ ᠰᠢᠯᠭᠠᠬᠤ 《 ᠡᠷ ᠠ ᠶᠢᠨ ᠭᠤᠷᠪᠠᠨ ᠮᠦᠷᠦᠢ》 ᠶᠢᠨ ᠠᠭᠤᠯᠭ᠎ᠠ ᠣᠯᠠᠨ ᠢᠯᠡᠷᠡᠵᠦ ᠲᠤᠤᠯᠢ ᠶᠢᠨ ᠦᠢᠯᠡ ᠶᠠᠪᠤᠳᠠᠯ ᠤᠨ ᠬᠦᠭᠵᠢᠯᠲᠡ ᠵᠢ ᠠᠬᠢᠭᠤᠯᠤᠨ᠂ ᠰᠣᠶᠤᠯ ᠤᠨ ᠤᠳᠬ ᠠ ᠠᠭᠤᠯᠬᠤᠨ ᠢ ᠪᠠᠶᠠᠯᠢᠭᠵᠢᠭᠤᠯᠵᠤ ᠪᠠᠢᠳᠠᠭ᠃ ᠲᠡᠭᠦᠨ ᠳ᠋ᠤ ᠦᠭᠡᠲᠡ ᠦᠯᠵᠡᠢ ᠲᠠᠢ ᠪᠠᠯᠬᠤ ᠪᠡᠯᠭᠡᠳᠡᠯ ᠰᠢᠨᠵᠢ᠂ ᠡᠷᠡᠯᠬᠡᠭ ᠬᠦᠴᠦᠨ ᠲᠠᠢ ᠪᠠᠭᠠᠲᠤᠷ ᠵᠣᠷᠢᠹ᠂ ᠠᠵ ᠠᠵᠢᠷᠭᠠᠯ ᠲᠠᠢ ᠭᠡᠷ ᠪᠦᠯᠢ ᠶᠢᠨ ᠬᠠᠷᠢᠴᠠᠭ᠎ᠠ᠂ ᠦᠭᠡᠳᠡᠷᠭᠡᠭ ᠪᠠᠶᠠᠰᠤᠩᠭᠤᠢ ᠠᠮᠢᠳᠤᠷᠠᠯ ᠤᠨ ᠣᠪᠤᠷ᠂ ᠡᠶ ᠠᠵᠤᠬᠢᠴᠠᠩᠭᠤᠢ ᠠᠮᠢ ᠠᠬᠤᠢ ᠶᠢᠨ ᠦᠵᠡᠯ ᠤᠬᠠᠮᠰᠠᠷ ᠵᠡᠷᠭᠡ ᠦᠪᠡᠷᠮᠢᠴᠡ ᠰᠣᠶᠤᠯ ᠰᠡᠳᠬᠢᠯᠭᠡᠨ ᠠᠱᠢᠶᠠᠯᠠᠭᠳᠠᠵᠤ ᠪᠠᠢᠳᠠᠭ᠃ ᠪᠠᠭᠠᠲᠤᠷᠯᠢᠭ ᠲᠤᠤᠯᠢ ᠶᠢ ᠴᠠᠭ ᠦᠶ ᠡ ᠳ᠋ᠡᠬᠢ 《 ᠡᠷ ᠠ ᠶᠢᠨ ᠭᠤᠷᠪᠠᠨ ᠮᠦᠷᠦᠢ》 ᠵᠢ ᠲᠡᠦᠬᠡᠨ ᠴᠣᠪᠤᠭ᠎ᠠ ᠴᠠᠭ ᠤᠨ ᠲᠠᠭᠤ ᠲᠡᠯᠭᠡᠨ ᠦᠵᠡᠪᠡᠯ᠂ ᠲᠡᠷᠡ ᠨᠢ ᠨᠡᠢᠭᠡᠮ ᠲᠡᠦᠬᠡ ᠶᠢᠨ ᠬᠤᠪᠢᠰᠤᠯ ᠬᠦᠭᠵᠢᠯ ᠢ ᠲᠠᠭᠠᠯᠳᠤᠨ ᠠᠭᠠᠵᠠᠢᠮ ᠢᠢᠡᠷ 《 ᠡᠷ ᠠ  ᠶᠢᠨ ᠭᠤᠷᠪᠠᠨ ᠨᠠᠭᠠᠳᠤᠮ》 ᠪᠣᠯᠵᠤ ᠬᠣᠪᠢᠷᠠᠭᠰᠠᠨ ᠪᠠᠢᠨ᠎ᠠ᠃
Original Literature No Original Paper
出自 中国蒙古学 2023年 第2期

联系我们


内蒙古大学图书馆
呼和浩特市大学西路235号
中国·内蒙古
P: (0471) 4992561
E: huangfeilong@imu.edu.cn