Paper Information


Title ᠴᠢᠩ ᠤᠯᠤᠰ ᠤᠨ ᠦᠶ ᠠ ᠶᠢᠨ ᠬᠠᠷᠠᠴᠢᠨ ᠣᠷᠤᠨ ᠤ ᠲᠠᠩᠰᠠ ᠦᠭᠡᠢ ᠠᠯᠪᠠᠲᠤ ᠯᠠᠮᠠ ᠪᠣᠯᠤᠭᠰᠠᠨ ᠤ ᠳᠠᠷᠠᠭᠠᠬᠢ ᠬᠠᠷᠢᠶᠠᠯᠠᠯ ᠤᠨ ᠠᠰᠠᠭᠤᠳᠠᠯ ᠢ ᠰᠢᠨᠵᠢᠯᠡᠬᠦ ᠨᠢ
Creator ᠪᠦᠷᠢᠨᠰᠣᠳᠤ
Keyword ᠴᠢᠩ ᠤᠯᠤᠰ︔ ᠲᠠᠩᠰᠠ ᠦᠭᠡᠢ ᠠᠯᠪᠠᠲᠤ︔ ᠯᠠᠮᠠ︔ ᠬᠠᠷᠢᠶᠠᠯᠠᠯ
Abstract ᠦᠪᠦᠷ ᠮᠣᠩᠭᠤᠯ ᠤᠨ ᠦᠪᠡᠷᠲᠭᠡᠨ ᠵᠠᠰᠠᠬᠤ ᠣᠷᠤᠨ ᠤ ᠲᠠᠩᠰᠠ ᠡᠪᠬᠡᠮᠡᠯ ᠤᠨ ᠰᠠᠩ ᠳ᠋ᠤ ᠬᠠᠳᠠᠭᠠᠯᠠᠭᠳᠠᠵᠤ ᠪᠠᠢᠭ᠎ᠠ ᠴᠢᠩ ᠤᠯᠤᠰ ᠤᠨ ᠦᠶ ᠠ ᠶᠢᠨ 《ᠬᠠᠷᠠᠴᠢᠨ ᠵᠡᠭᠦᠨ ᠬᠤᠰᠢᠭᠤᠨ ᠤ ᠲᠠᠩᠰᠠ》 ᠵᠢ ᠭᠤᠤᠯᠯᠠᠨ ᠠᠰᠢᠭᠯᠠᠵᠤ᠂ ᠲᠤᠰᠬᠠᠢᠯᠠᠨ ᠲᠠᠩᠰᠠ ᠦᠭᠡᠢ ᠠᠯᠪᠠᠲᠤ ᠠᠷᠠᠳ ᠯᠠᠮᠠ ᠪᠣᠯᠤᠭᠰᠠᠨ ᠤ ᠲᠠᠷᠠᠭᠠᠬᠢ ᠬᠠᠷᠢᠶᠠᠯᠠᠯ ᠤᠨ ᠠᠰᠠᠭᠤᠳᠠᠯ ᠢ ᠰᠢᠨᠵᠢᠯᠡᠵᠦ ᠦᠵᠡᠪᠡᠯ᠂ ᠲᠡᠳᠡᠨᠦᠰ ᠮᠠᠯᠠ ᠪᠣᠯᠤᠭᠰᠠᠨ ᠴᠦ ᠮᠦᠨ ᠤᠤᠯ ᠤᠨ ᠨᠤᠶᠠᠨ ᠳ᠋ᠤ ᠪᠠᠨ ᠬᠠᠷᠢᠶᠠᠯᠠᠭᠳᠠᠵᠤ ᠪᠠᠢᠭᠰᠠᠨ ᠪᠦᠭᠡᠳ ᠴᠠᠭᠠᠰᠢᠯᠠᠨ ᠬᠠᠷᠢᠶᠠᠲᠤ ᠨᠤᠶᠠᠨ ᠳ᠋ᠤ ᠪᠠᠨ ᠠᠯᠪᠠ ᠲᠠᠲᠠᠪᠤᠷᠢ ᠦᠭᠴᠦ ᠪᠠᠢᠭᠰᠠᠨ ᠦᠵᠡᠭᠳᠡᠯ ᠴᠦ ᠲᠦᠬᠡᠮᠡᠯ ᠣᠷᠤᠰᠢᠵᠤ ᠪᠠᠢᠭᠰᠠᠨ ᠶᠤᠮ᠃ ᠭᠡᠪᠡᠴᠦ ᠲᠡᠳᠡᠨᠦᠰ ᠤᠨ ᠭᠡᠷ ᠡᠴᠡ ᠭᠠᠷᠴᠤ ᠯᠠᠮᠠ ᠪᠣᠯᠤᠭᠰᠠᠨ ᠶᠠᠪᠤᠳᠠᠯ ᠨᠢ ᠲᠤᠬᠠᠢ ᠶᠢᠨ ᠨᠡᠢᠭᠡᠮ ᠤᠨ ᠬᠠᠷᠢᠴᠠᠭ᠎ᠠ ᠪᠤᠶᠤ ᠲᠤᠭᠲᠠᠯᠴᠠᠭᠠᠨ ᠳ᠋ᠤ ᠸᠨᠴᠠ ᠶᠡᠬᠡ ᠨᠦᠯᠦᠭᠡ ᠪᠣᠯᠤᠭᠰᠠᠨ ᠦᠭᠡᠢ᠃
Original Literature No Original Paper
出自 中国蒙古学 2023年 第2期

联系我们


内蒙古大学图书馆
呼和浩特市大学西路235号
中国·内蒙古
P: (0471) 4992561
E: huangfeilong@imu.edu.cn