Title |
《ᠱᠦᠢ ᠬᠤ ᠵᠣᠸᠠᠨ》 ᠪᠢᠴᠢᠭ ᠤᠨ ᠭᠤᠷᠪᠠᠨ ᠵᠦᠢᠯ ᠤᠨ ᠮᠣᠩᠭᠤᠯ ᠣᠷᠴᠢᠭᠤᠯᠭ᠎ᠠ ᠶᠢᠨ ᠲᠡᠪᠲᠡᠷ ᠢ ᠬᠠᠷᠢᠴᠠᠭᠤᠯᠤᠨ ᠰᠢᠨᠵᠢᠯᠡᠬᠦ ᠨᠢ- ᠣᠷᠴᠢᠭᠤᠯᠭ᠎ᠠ ᠶᠢᠨ ᠠᠷᠭ᠎ᠠ ᠵᠠᠷᠴᠢᠮ ᠤᠨ ᠲᠤᠭᠤᠷᠢᠨ ᠳ᠋ᠤ |
Creator |
ᠴᠢ ᠵᠢ |
Keyword |
《 ᠱᠦᠢ ᠬᠣ ᠵᠤᠸᠠᠨ》ᠪᠢᠴᠢᠭ︔ ᠮᠣᠩᠭᠤᠯ ᠣᠷᠴᠢᠭᠤᠯᠭ᠎ᠠ︔ ᠬᠠᠷᠢᠴᠠᠭᠤᠯᠤᠭᠰᠠᠨ ᠰᠢᠨᠵᠢᠯᠡᠯ |
Abstract |
ᠴᠢᠩ ᠤᠯᠤᠰ ᠤᠨ ᠦᠶ ᠡ ᠳ᠋ᠤ《 ᠱᠦᠢ ᠬᠣ ᠵᠤᠸᠠᠨ》 ᠪᠢᠴᠢᠭ ᠮᠣᠩᠭᠤᠯᠴᠤᠳ ᠤᠨ ᠲᠤᠷ ᠠ ᠰᠣᠨᠢᠷᠬᠠᠯ ᠢ ᠶᠡᠬᠡ ᠪᠡᠷ ᠲᠠᠲᠠᠵᠤ ᠮᠣᠩᠭᠤᠯ ᠬᠡᠯᠡᠨ ᠳ᠋ᠤ ᠣᠯᠠᠨ ᠤᠳᠠᠭ᠎ᠠ ᠤᠷᠴᠢᠭᠤᠯᠤᠭᠳᠠᠪᠠ᠃ᠣᠳᠤ ᠤᠯᠤᠰ ᠤᠨ ᠲᠣᠳᠤᠭᠠᠲᠤ ᠭᠠᠳᠠᠭᠠᠲᠤ ᠳ᠋ᠤ《 ᠱᠦᠢ ᠬᠣ ᠵᠤᠸᠠᠨ》 ᠪᠢᠴᠢᠭ ᠤᠨ ᠣᠯᠠᠨ ᠵᠦᠢᠯ ᠤᠨ ᠮᠣᠩᠭᠤᠯ ᠣᠷᠴᠢᠭᠤᠯᠭ᠎ᠠ ᠶᠢᠨ ᠲᠡᠪᠲᠡᠷ ᠲᠠᠷᠬᠠᠨ ᠬᠠᠳᠠᠭᠠᠯᠠᠭᠳᠠᠵᠤ ᠪᠤᠢ᠃ ᠦᠪᠦᠷ ᠮᠣᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠨᠣᠮ ᠤᠨ ᠰᠠᠩ᠂ ᠦᠪᠦᠷ ᠮᠣᠩᠭᠤᠯ ᠤᠨ ᠬᠡᠡᠬ ᠰᠤᠷᠭᠠᠭᠤᠯᠢ ᠶᠢᠨ ᠨᠣᠮ ᠤᠨ ᠰᠠᠩ ᠪᠣᠯᠤᠨ ᠮᠣᠩᠭᠤᠯ ᠤᠯᠤᠰ ᠤᠨ ᠤᠯᠤᠰ ᠤᠨ ᠨᠣᠮ ᠤᠨ ᠰᠠᠩ ᠳ᠋ᠤ ᠬᠠᠳᠠᠭᠠᠯᠠᠭᠳᠠᠵᠤ ᠪᠠᠢᠭ᠎ᠠ ᠭᠤᠷᠪᠠᠨ ᠵᠦᠢᠯ ᠤᠨ《 ᠱᠦᠢ ᠬᠣ ᠵᠤᠸᠠᠨ》ᠪᠢᠴᠢᠭ ᠤᠨ ᠮᠣᠩᠭᠤᠯ ᠣᠷᠴᠢᠭᠤᠯᠭ᠎ᠠ ᠶᠢᠨ ᠲᠡᠪᠲᠡᠷ ᠢ ᠤᠭ ᠵᠤᠬᠢᠶᠠᠯ ᠲᠠᠢ ᠲᠤᠯᠭᠠᠨ ᠦᠵᠡᠪᠡᠯ᠂ ᠣᠷᠴᠢᠭᠤᠯᠭ᠎ᠠ ᠶᠢᠨ ᠠᠷᠭ᠎ᠠ ᠵᠠᠷᠴᠢᠮ ᠤᠨ ᠲᠠᠯ ᠠ ᠪᠡᠷ ᠲᠤᠰ ᠪᠦᠷᠢ ᠶᠢᠨ ᠦᠪᠡᠷᠮᠢᠴᠡ ᠣᠨᠴᠠᠯᠢᠭ ᠲᠠᠢ᠃《 ᠱᠦᠢ ᠬᠣ ᠵᠤᠸᠠᠨ》 ᠪᠢᠴᠢᠭ ᠤᠨ ᠮᠣᠩᠭᠤᠯ ᠣᠷᠴᠢᠭᠤᠯᠭ᠎ᠠ ᠶᠢᠨ ᠲᠡᠪᠲᠡᠷ ᠤᠨ ᠬᠠᠷᠢᠴᠠᠭᠤᠯᠤᠭᠰᠠᠨ ᠰᠣᠳᠤᠯᠭᠠᠨ ᠨᠢ ᠮᠣᠩᠭᠤᠯ ᠣᠷᠴᠢᠭᠤᠯᠭ᠎ᠠ ᠶᠢᠨ ᠤᠷᠠᠨ ᠵᠤᠬᠢᠶᠠᠯ ᠤᠨ ᠰᠣᠳᠤᠯᠤᠯ᠂ ᠦᠨᠳᠦᠰᠦᠲᠡᠨ ᠤ ᠤᠳᠬ ᠠ ᠵᠤᠬᠢᠶᠠᠯ ᠤᠨ ᠬᠠᠷᠢᠯᠴᠠᠭ᠎ᠠ ᠰᠣᠳᠤᠯᠤᠯ ᠳ᠋ᠤ ᠴᠢᠬᠤᠯᠠ ᠠᠴᠢ ᠬᠣᠯᠪᠤᠭᠳᠠᠯ ᠲᠠᠢ᠃ |
Original Literature |
No Original Paper
|
出自 |
内蒙古社会科学(蒙文版)
2022年
第4期
|