Title |
ᠮᠠᠨ ᠤ ᠤᠯᠤᠰ ᠤᠨ ᠴᠠ ᠪᠤᠭᠤ ᠶᠢᠨ ᠰᠣᠶᠤᠯ ᠤᠨ ᠤᠯᠠᠮᠵᠢᠯᠠᠯ ᠬᠠᠮᠠᠭᠠᠯᠠᠯᠲᠠ ᠶᠢᠨ ᠬᠦᠴᠢᠷᠲᠡᠯ ᠪᠣᠯᠤᠨ ᠰᠢᠢᠳᠪᠦᠷᠢᠯᠡᠬᠦ ᠠᠷᠭ᠎ᠠ ᠵᠠᠮ ᠤᠨ ᠲᠤᠬᠠᠢ |
Creator |
ᠭᠦᠩ ᠢᠤᠢ︔ ᠲᠢᠶᠠᠨ ᠯᠢ |
Keyword |
ᠡᠸᠩᠬᠢᠴᠤᠳ︔ ᠴᠠ ᠪᠣᠭᠤ︔ ᠰᠣᠶᠤᠯ ︔ ᠤᠯᠠᠮᠵᠢᠯᠠᠯ |
Abstract |
ᠮᠠᠨ ᠤ ᠤᠯᠤᠰ ᠤᠨ ᠴᠠ ᠪᠤᠭᠤ ᠶᠢᠨ ᠰᠣᠶᠤᠯ ᠨᠢᠭᠡᠨᠲᠡ ᠬᠡᠳᠦᠨ ᠵᠠᠭᠤᠨ ᠵᠢᠯ ᠤᠨ ᠲᠡᠦᠬᠡ ᠲᠠᠢ ᠪᠣᠯᠪᠠ᠃ ᠡᠸᠩᠬᠢᠴᠤᠳ ᠴᠠ ᠪᠣᠭᠤ ᠶᠢᠨ ᠰᠣᠶᠤᠯ ᠤᠨ ᠤᠯᠠᠮᠵᠢᠯᠠᠨ ᠵᠠᠭᠠᠮᠵᠢᠯᠠᠭᠴᠢ ᠪᠣᠯᠤᠭᠰᠠᠨ ᠤ ᠬᠤᠪᠢ ᠳ᠋ᠤ᠂ ᠤᠷᠲᠤ ᠬᠤᠭᠤᠴᠠᠭᠠᠨ ᠤ ᠦᠢᠯᠡᠳᠦᠯᠭᠡ ᠲᠤᠮᠳᠠ ᠪᠠᠨ ᠪᠦᠷᠢᠨ ᠪᠦᠲᠦᠨ ᠴᠠ ᠪᠤᠭᠤ ᠶᠢᠨ ᠰᠣᠶᠤᠯ ᠮᠡᠳᠡᠯᠭᠡ ᠶᠢᠨ ᠲᠤᠭᠲᠠᠯᠴᠠᠭ᠎ᠠ ᠵᠢ ᠪᠦᠷᠢᠯᠳᠦᠭᠦᠯᠪᠡ᠃ ᠴᠠ ᠪᠤᠭᠤ ᠶᠢᠨ ᠰᠣᠶᠤᠯ ᠨᠢ ᠪᠠᠯᠠᠷᠯᠢᠭ ᠰᠣᠶᠤᠯ ᠤᠨ ᠠᠭᠤᠯᠤᠭᠳᠠᠬᠤᠨ ᠲᠠᠢ᠃ ᠭᠡᠪᠡᠴᠦ ᠣᠳᠤ ᠦᠶ ᠠ ᠶᠢᠨ ᠰᠣᠶᠤᠯ ᠪᠣᠯᠪᠠᠰᠤᠨ ᠤ ᠨᠦᠯᠦᠭᠡᠯᠡᠯ ᠲᠤᠤᠷ ᠠ ᠲᠡᠭᠦᠨ ᠤ ᠤᠯᠠᠮᠵᠢᠯᠠᠨ ᠬᠠᠯᠭᠠᠮᠵᠢᠯᠠᠬᠤ ᠨᠢ ᠬᠦᠨᠳᠦ ᠰᠦᠷᠡᠬᠡᠢ ᠬᠦᠴᠢᠷᠲᠡᠯ ᠳ᠋ᠤ ᠲᠤᠯᠭᠠᠷᠠᠭᠰᠠᠨ ᠪᠠᠢᠨ᠎ᠠ᠃ ᠴᠠ ᠪᠣᠭᠤ ᠶᠢᠨ ᠤᠷᠤᠰᠢᠨ ᠲᠤᠭᠲᠠᠨᠢᠬᠤ ᠤᠷᠤᠨ ᠵᠠᠢ ᠵᠢ ᠬᠠᠮᠠᠭᠠᠯᠠᠨ᠂ ᠨᠡᠩ ᠰᠢᠯᠢᠳᠡᠭ ᠰᠢᠨ᠎ᠠ ᠴᠡᠭ ᠦᠶ ᠠ ᠶᠢᠨ ᠴᠠ ᠪᠣᠭᠤ ᠶᠢᠨ ᠰᠣᠶᠤᠯ ᠤᠨ ᠤᠯᠠᠮᠵᠢᠯᠠᠨ ᠵᠠᠯᠭᠠᠮᠵᠢᠯᠠᠭᠴᠢ ᠵᠢ ᠬᠦᠮᠦᠵᠢᠬᠦᠯᠵᠦ᠂ ᠲᠤᠰᠬᠠᠢ ᠮᠡᠷᠭᠡᠰᠢᠭᠰᠡᠨ ᠴᠠ ᠪᠣᠭᠤ ᠶᠢᠨ ᠬᠠᠮᠢᠶᠠᠷᠤᠯᠲᠠ ᠵᠢ ᠬᠡᠷᠡᠭᠵᠢᠬᠦᠯᠦᠨ᠂ ᠴᠠ ᠪᠣᠭᠤ ᠶᠢᠨ ᠰᠣᠶᠤᠯ ᠤᠨ ᠲᠠᠭᠠᠯᠲᠠ ᠦᠡᠲᠡᠭ ᠢ ᠨᠡᠭᠡᠭᠡᠨ ᠬᠦᠭᠵᠢᠬᠦᠯᠬᠦ ᠬᠡᠷᠡᠭᠲᠡᠢ᠃ |
Original Literature |
No Original Paper
|
出自 |
内蒙古社会科学(蒙文版)
2022年
第4期
|