Title |
ᠴᠠᠭ ᠡᠷᠡᠨ ᠤ ᠰᠤᠯᠢᠭᠳᠠᠯ ᠤᠨ ᠦᠶ᠎ᠡ ᠳᠡᠬᠢ ᠤᠳᠤ ᠦᠶ᠎ᠠ ᠶᠢᠨ ᠮᠤᠩᠭ᠋ᠤᠯ ᠤᠷᠠᠨ ᠵᠤᠬᠢᠶᠠᠯ |
Creator |
ᠮ · ᠵᠠᠯᠫᠦ᠋ᠩᠭ᠋ᠠ |
Keyword |
ᠬᠤᠶᠠᠷ ᠵᠠᠭᠤᠨ ᠤ ᠰᠤᠯᠢᠭᠳᠠᠯ ᠤᠨ ᠦᠶ᠎ᠡ ᠶᠢᠨ ᠮᠤᠩᠭ᠋ᠤᠯ ᠤᠷᠠᠨ ᠵᠤᠬᠢᠶᠠᠯ; ᠬᠦᠰᠡᠯ ᠤᠨ ᠤᠬᠠᠭᠠᠨ |
Abstract |
ᠪᠦᠳᠦᠭᠦᠯᠢᠭ᠌ ᠤᠯᠤᠰ ᠲᠦᠷᠦ ᠶᠢᠨ ᠤᠬᠠᠭᠠᠨ ᠤ ᠨᠦᠯᠦᠭᠡᠯᠡᠯ ᠡᠴᠡ ᠪᠤᠯᠵᠤ ᠬᠦᠮᠦᠨ ᠤ ᠠᠯᠢ ᠤᠯᠠᠨ ᠲᠦᠷᠦᠯᠬᠢ ᠶᠢᠨ ᠴᠢᠳᠠᠪᠬᠢ ᠬᠦᠰᠡᠯ ᠨᠢ ᠵᠦᠪᠬᠡᠨ ᠲᠠᠯᠳᠠ ᠤᠬᠠᠮᠰᠠᠷ ᠤᠨ ᠬᠡᠯᠡᠪᠷᠢ ᠪᠡᠷ ᠮᠤᠩᠭ᠋ᠤᠯ ᠤᠷᠠᠨ ᠵᠤᠬᠢᠶᠠᠯ ᠳᠤ ᠢᠯᠡᠷᠡᠵᠦ ᠪᠠᠢ᠌ᠪᠠ᠃ ᠨᠠᠶᠠᠭᠠᠳ ᠤᠨ ᠤ ᠦᠵᠡᠯ ᠤᠬᠠᠮᠰᠠᠷ ᠤᠨ ᠶᠡᠬᠡ ᠲᠠᠯᠪᠢᠭᠳᠠᠯ ᠨᠢ ᠮᠤᠩᠭ᠋ᠤᠯ ᠤᠷᠠᠨ ᠵᠤᠬᠢᠶᠠᠯ ᠤᠨ ᠬᠦᠭ᠍ᠵᠢᠯ ᠤᠨ ᠰᠢᠨ᠎ᠡ ᠱᠠᠳᠤ ᠶᠢ ᠠᠪᠴᠢᠷᠠᠭᠰᠠᠨ ᠠᠤᠭ᠎ᠠ ᠶᠡᠬᠡ ᠤᠳᠬ᠎ᠠ ᠠᠭᠤᠯᠭ᠎ᠠ ᠲᠠᠢ ᠪᠤᠯᠪᠠᠴᠤ ᠬᠦᠮᠦᠨ ᠤ ᠵᠠᠷᠢᠮ ᠲᠦᠷᠦᠯᠬᠢ ᠶᠢᠨ ᠴᠢᠳᠠᠪᠬᠢ ᠬᠦᠰᠡᠯ ᠳᠤ ᠰᠢᠨᠵᠢᠯᠡᠬᠦ ᠤᠬᠠᠭᠠᠨᠴᠢ ᠪᠡᠷ ᠬᠠᠨᠳᠤᠵᠤ ᠴᠢᠳᠠᠬᠤ ᠦᠭᠡᠢ ᠦᠵᠡᠭᠳᠡᠯ ᠤᠳ ᠮᠦᠨ ᠢᠯᠡᠷᠬᠡᠢ ᠬᠠᠷᠠᠭᠳᠠᠨ᠎ᠠ᠃ ᠭᠡᠪᠡᠴᠦ ᠶᠡᠷᠡᠭᠡᠳ ᠤᠨ ᠤ ᠪᠤᠳᠤᠯᠭᠠᠰᠢᠷᠠᠯ ᠨᠠᠮᠵᠢᠷᠠᠯ ᠨᠢ ᠵᠤᠬᠢᠶᠠᠯᠴᠢᠳ ᠤᠨ ᠬᠦᠰᠡᠯ ᠤᠨ ᠤᠬᠠᠭᠠᠨ ᠤ ᠲᠤᠬᠠᠢ ᠤᠢ᠌ᠯᠠᠭᠠᠯᠳᠠ ᠶᠢ ᠭᠦᠨᠵᠡᠭᠡᠢ᠌ᠷᠡᠭᠦᠯᠵᠦ ᠰᠢᠨᠵᠢᠯᠡᠬᠦ ᠤᠬᠠᠭᠠᠨᠴᠢ ᠪᠡᠷ ᠬᠦᠮᠦᠨ ᠤ ᠲᠦᠷᠦᠯᠬᠢ ᠴᠢᠳᠠᠪᠬᠢ ᠬᠦᠰᠡᠯ ᠢ ᠦᠵᠡᠵᠦ ᠴᠢᠳᠠᠬᠤ ᠪᠤᠯᠭᠠᠵᠠᠢ᠃ ᠡᠨᠡ ᠪᠤᠯ ᠤᠳᠬ᠎ᠠ ᠤᠷᠠᠯᠢᠭ ᠤᠨ ᠵᠢᠮ᠎ᠡ ᠶᠤᠰᠤᠨ ᠤ ᠬᠦᠭ᠍ᠵᠢᠯ ᠤᠨ ᠵᠠᠮ ᠪᠤᠯᠬᠤᠷ ᠲᠠᠷᠠᠭᠠᠬᠢ ᠵᠠᠭᠤᠨ ᠤ ᠮᠤᠩᠭ᠋ᠤᠯ ᠤᠷᠠᠨ ᠵᠤᠬᠢᠶᠠᠯ ᠤᠨ ᠰᠢᠯᠤᠭᠤᠨ ᠬᠦᠭ᠍ᠵᠢᠯ ᠳᠤ ᠴᠢᠬᠤᠯᠠ ᠦᠢᠯᠡᠳᠦᠯ ᠦᠵᠡᠭᠦᠯᠬᠦ ᠪᠤᠯᠤᠨ᠎ᠠ᠃ |
Original Literature |
No Original Paper
|
出自 |
内蒙古社会科学(蒙文版)
2002年
第4期
|