Abstract |
1980 ᠣᠨ ᠡᠴᠡ ᠨᠠᠭᠠᠰᠢ ᠮᠣᠩᠭ᠋ᠤᠯ ᠰᠢᠯᠦᠭ ᠲᠤᠭᠤᠷᠪᠢᠯ ᠳ᠋ᠤ ᠣᠳᠣᠬᠢᠴᠢ ᠦᠵᠡᠯ ᠤᠨ ᠭᠣᠣ ᠠ ᠵᠦᠢ ᠪᠦᠷᠢᠯᠳᠦᠨ ᠬᠦᠭ᠍ᠵᠢᠭᠰᠡᠨ ᠪᠠᠢᠢᠨ᠌ ᠠ᠃ ᠰᠢᠯᠦᠭ ᠤᠢᠯᠠᠭᠠᠭᠳᠠᠬᠤᠨ ᠲᠡᠭᠡᠷ ᠡ《ᠰᠢᠨ᠌ ᠠ ᠲᠤᠮᠤᠭ ᠲᠤᠭᠤᠷᠪᠢᠯ》᠂ ᠬᠡᠢ ᠰᠡᠳᠬᠢᠮᠵᠢᠯᠠᠯ᠂ ᠴᠣᠴᠠᠯᠤᠯ᠂ ᠪᠣᠳᠠᠷᠬᠠᠢᠢᠵᠢᠯ᠂ ᠲᠤᠭᠯᠠᠭᠠᠮᠵᠢᠯ ᠭᠡᠬᠦ ᠮᠡᠳᠦ ᠰᠢᠨ᠌ ᠠ ᠣᠢᠯᠠᠭᠠᠭᠳᠠᠬᠤᠨ ᠪᠦᠷᠢᠯᠳᠦᠵᠦ᠂ ᠤᠶᠤᠨ ᠰᠠᠨᠠᠭᠠᠨ ᠤ ᠬᠣᠪᠢ ᠳ᠋ᠤ ᠬᠦᠨ ᠲᠠᠪᠬᠤᠷᠭ᠋ ᠠ ᠶᠢᠨ ᠤᠬᠠᠮᠰᠠᠷ ᠢ ᠠᠭᠤᠳᠠᠯᠤᠨ᠂ ᠬᠦᠨ ᠲᠤᠳᠤᠭᠠᠢᠯᠠᠭᠰᠠᠨ ᠡᠵᠡᠨ ᠪᠡᠶ ᠡ ᠵᠢ ᠢᠯᠡᠷᠡᠭᠦᠯᠵᠦ᠂ ᠠᠭᠤᠯᠭ᠋ ᠠ ᠶᠢᠨ ᠬᠣᠪᠢ ᠳ᠋ᠤ᠂ ᠬᠦᠮᠦᠨ ᠤ ᠭᠠᠵᠢᠯᠲᠠ ᠵᠢ ᠰᠢᠭᠦᠮᠵᠢᠯᠠᠨ᠂ ᠣᠶᠤᠨᠴᠢ ᠴᠢᠨᠠᠷ ᠢ ᠴᠣᠴᠠᠯᠵᠤ᠂ ᠶᠢᠷᠲᠢᠨᠴᠦ ᠶᠢᠨ ᠰᠢᠯᠦᠭᠯᠢᠭ ᠰᠢᠨᠵᠢ ᠵᠢ ᠰᠡᠷᠭᠦᠭᠡᠵᠦ᠂ ᠭᠤᠤ ᠠ ᠲᠤᠭᠲᠠᠴᠠ ᠶᠢᠨ ᠬᠤᠪᠢ ᠳ᠋ᠤ ᠮᠠᠭᠤᠬᠠᠢ ᠂ ᠲᠡᠮᠡᠢ᠂ ᠡᠭᠡᠯ ᠭᠡᠬᠦ ᠰᠢᠨ᠌ ᠠ ᠭᠤᠣ ᠠ ᠠᠢ ᠵᠢ ᠨᠡᠭᠡᠭᠡᠨ᠂ ᠭᠠᠵᠢᠮᠠᠯ ᠭᠤᠤ ᠠ᠂ ᠡᠪᠡᠳᠴᠢᠯᠢᠭ ᠭᠤᠤ ᠠ ᠪ ᠪᠦᠷᠦᠭ ᠭᠤᠤ ᠠ ᠵᠡᠷᠭᠡ ᠰᠢᠨ᠌ ᠠ ᠭᠤᠤ ᠠ ᠲᠤᠭᠲᠠᠴᠠ ᠵᠢ ᠪᠦᠷᠢᠯᠳᠦᠭᠦᠯᠦᠭᠰᠡᠨ ᠪᠠᠢᠢᠨ᠌ ᠠ᠃ |