Abstract |
《 ᠪᠦᠷᠲᠡ ᠴᠢᠨᠣ ᠠ ᠬᠤᠸᠠ ᠮᠠᠷᠠᠯ》 ᠤᠨ ᠲᠤᠬᠠᠢ ᠤᠯᠠᠮᠵᠢᠯᠠᠯ ᠶᠠᠷᠢᠶ ᠠ ᠨᠢ ᠬᠢᠶᠠᠨ ᠪᠣᠷᠵᠢᠬᠢᠨ ᠤᠪᠤᠭᠲᠠᠨ ᠤ ᠤᠭ ᠲᠡᠭᠡᠳᠦᠰ ᠤᠨ ᠬᠠᠮᠢᠶᠠᠲᠠᠢ ᠤᠯᠠᠮᠵᠢᠯᠠᠯ ᠶᠠᠷᠢᠶ ᠠ ᠪᠣᠯᠬᠤ ᠡᠴᠡ ᠪᠢᠰᠢ᠂ ᠪᠦᠬᠦ ᠮᠣᠨᠭᠤᠯᠴᠤᠳ ᠤᠨ ᠤᠭ ᠲᠡᠭᠡᠳᠦᠰ ᠤᠨ ᠬᠠᠮᠢᠶᠠᠲᠠᠢ ᠤᠯᠠᠮᠵᠢᠯᠠᠯ ᠶᠠᠷᠢᠶ ᠠ ᠪᠢᠱᠢ ᠪᠸᠯᠬᠤ ᠵᠢ 《 ᠮᠣᠩᠭᠤᠯ ᠤᠨ ᠨᠢᠭᠤᠴᠠ ᠲᠣᠪᠴᠢᠶᠠᠨ》 ᠳ᠋ᠤ ᠲᠣᠳᠤᠷᠬᠠᠢ ᠲᠡᠮᠳᠡᠭᠯᠡᠵᠦ ᠪᠠᠢᠳᠠᠭ᠃ ᠴᠢᠩᠬᠢᠰ ᠤᠨ ᠤᠭᠰᠠᠭᠠᠨ ᠤ ᠲᠡᠭᠡᠳᠦᠰ ᠠᠮᠢᠳᠤᠷᠠᠵᠤ ᠠᠭᠰᠠᠨ ᠴᠠᠭ ᠡᠷᠡᠳᠡᠨ ᠴᠠᠭ ᠲᠤ᠂ ᠦᠷᠭᠡᠨ ᠠᠭᠤᠳᠠᠮ ᠮᠣᠩᠭᠤᠯ ᠤᠨ ᠦᠨᠳᠦᠷᠯᠢᠭ ᠲᠡᠭᠡᠷ ᠠ ᠪᠠᠰᠠ ᠪᠣᠰᠤᠳ ᠤᠯᠠᠨ ᠤᠭᠰᠠᠭ᠎ᠠ ᠠᠢᠮᠠᠭ ᠤᠷᠤᠰᠢᠨ ᠠᠮᠢᠳᠤᠷᠠᠵᠤ ᠪᠠᠢᠪᠠ᠂ᠲᠡᠳᠡᠭᠡᠷ ᠤᠭᠰᠠᠭ᠎ᠠ ᠠᠢᠮᠠᠭ ᠤᠳ ᠤᠨ ᠦᠯᠢᠭᠡᠷ ᠲᠣᠯᠤᠭ ᠲᠤᠳᠤᠷ ᠠ ᠬᠣᠪᠢᠯᠭᠠᠨ ᠰᠢᠪᠠᠭᠤ ᠶᠢᠷᠲᠢᠨᠴᠦ ᠶᠢᠨ ᠬᠦᠮᠦᠨ ᠲᠠᠢ ᠢᠨᠠᠭ ᠠᠮᠠᠷᠠᠭ ᠪᠣᠯᠤᠯᠴᠠᠨ ᠦᠷ ᠡ ᠬᠡᠦᠬᠡᠰ ᠭᠠᠷᠭᠠᠵᠤ ᠤᠳᠤᠮ ᠤᠭᠰᠠᠭ᠎ᠠ ᠵᠠᠯᠭᠠᠭᠰᠠᠠ ᠰᠡᠳᠦᠪ ᠪᠦᠬᠦᠢ ᠰᠢᠳᠢᠳᠦ ᠦᠯᠢᠭᠡᠷ ᠨᠢ ᠬᠦᠮᠦᠰ ᠤᠨ ᠠᠩᠬᠠᠷᠤᠯ ᠢ ᠣᠨᠴᠠ ᠲᠠᠳᠠᠨ᠎ᠠ᠃ |