Abstract |
ᠣᠯᠠᠨ ᠤ ᠮᠡᠳᠡᠭᠡᠵᠢ ᠪᠡᠷ 《 ᠨᠢᠭᠤᠴᠠ ᠲᠣᠪᠴᠢᠶᠠᠨ》 ᠪᠸᠯ ᠮᠣᠩᠭᠤᠯᠴᠤᠳ ᠤᠨ ᠬᠡᠯᠡ ᠲᠡᠦᠭᠡ᠂ ᠵᠤᠬᠢᠶᠠᠯ ᠤᠷᠠᠯᠢᠭ᠂ ᠰᠦᠰᠦᠭ ᠰᠢᠲᠦᠯᠭᠡ᠂ ᠵᠠᠩ ᠠᠭᠠᠯᠢ᠂ ᠠᠳᠠᠯ ᠠᠮᠢᠳᠤᠷᠠᠯ᠂ ᠠᠵᠤ ᠠᠬᠤᠢ᠂ ᠴᠡᠷᠢᠭ ᠵᠠᠰᠠᠭ᠂ ᠲᠠᠢᠨ ᠪᠠᠢᠯᠳᠤᠭᠠᠨ᠂ ᠭᠠᠵᠠᠷ ᠪᠠᠢᠴᠠ᠂ ᠵᠠᠮ ᠬᠠᠷᠢᠯᠴᠠᠭ᠎ᠠ ᠵᠡᠷᠭᠡ ᠡᠳ᠋ ᠤᠨ ᠪᠠ ᠣᠶᠤᠨ ᠤ ᠪᠣᠯᠪᠠᠰᠤᠨ ᠤ ᠲᠠᠯ ᠠ ᠪᠦᠷᠢ ᠵᠢ ᠪᠠᠭᠲᠠᠭᠠᠵᠤ ᠲᠤᠪᠴᠢᠶᠠᠯᠠᠭᠰᠠᠨ ᠪᠦᠷᠢᠨ ᠪᠢᠴᠢᠭ ᠪᠣᠯᠬᠤ ᠪᠦᠭᠡᠳ ᠲᠤᠳᠤᠭᠠᠲᠤ ᠭᠠᠳᠠᠭᠠᠲᠤ ᠶᠢᠨ ᠰᠣᠳᠤᠯᠭᠠᠲᠠᠳ ᠤᠨ ᠰᠣᠨᠢᠷᠬᠠᠯ ᠢ ᠠᠯᠢ ᠡᠷᠲᠡᠨ ᠴᠡ ᠲᠠᠳᠠᠵᠤ᠂ ᠵᠦᠢᠯ ᠵᠦᠢᠯ ᠤᠨ ᠤᠨᠤᠯ ᠰᠣᠳᠤᠯᠤᠯ᠂ ᠠᠷᠭ᠎ᠠ ᠵᠦᠢ ᠶᠢᠨ ᠡᠭᠦᠳᠡᠨ ᠡᠴᠡ ᠲᠡᠭᠦᠨ ᠤ ᠰᠣᠳᠤᠯᠤᠭᠰᠠᠭᠠᠷ ᠢᠷᠡᠭᠰᠡᠨ ᠪᠠᠢᠨ᠎ᠠ᠃ ᠳᠡᠳᠡᠨᠠᠷ ᠤᠨ ᠰᠣᠳᠤᠯᠭᠠᠨ ᠨᠢ ᠭᠤᠤᠯᠳᠠᠭᠤ ᠲᠡᠭᠦᠨ ᠤ ᠲᠡᠦᠬᠡ᠂ ᠬᠡᠯᠡ᠂ ᠤᠷᠠᠨ ᠵᠤᠬᠢᠶᠠᠯ ᠤᠨ ᠰᠢᠨᠵᠢ ᠳ᠋ᠤ ᠲᠦᠪᠯᠡᠷᠡᠵᠦ ᠪᠠᠬᠠᠷᠤᠭᠤᠰᠢᠲᠠᠢ ᠶᠡᠬᠡ ᠠᠮᠵᠢᠯᠲᠠ ᠵᠢ ᠤᠯᠤᠭᠰᠠᠭᠠᠷ ᠢᠷᠡᠵᠡᠢ᠃ |