Title |
ᠦᠨᠳᠦᠰᠦᠲᠡᠨ ᠦ ᠰᠡᠳᠬᠢᠯᠭᠡ᠂ ᠬᠦᠢᠰᠦ ᠢᠯᠭᠠᠯ᠂ ᠲᠡᠦᠬᠡᠨ ᠬᠦᠦᠷᠨᠢᠯ ——《ᠰᠠᠷᠠᠭᠤᠯ ᠨᠤᠲᠤᠭ》ᠷᠤᠮᠠᠨ ᠢ ᠳᠠᠬᠢᠨ ᠰᠢᠨᠵᠢᠯᠡᠬᠦ ᠨᠢ |
Creator |
ᠤᠯᠠᠭᠠᠨᠬᠠᠳᠠ ᠳᠡᠭᠡᠳᠦ ᠰᠤᠷᠭᠠᠭᠤᠯᠢ |
Keyword |
ᠮᠠᠯᠴᠢᠨᠬᠦᠦ; 《ᠰᠠᠷᠠᠭᠤᠯ ᠨᠤᠲᠤᠭ》; ᠦᠨᠳᠦᠰᠦᠲᠡᠨ; ᠬᠦᠢᠰᠦ ᠢᠯᠭᠠᠯ; ᠡᠮᠡᠭᠲᠡᠢ᠌ᠴᠦᠳ ᠦᠨ ᠳᠦᠷᠢ |
Abstract |
ᠷᠤᠮᠠᠨ 《ᠰᠠᠷᠠᠭᠤᠯ ᠨᠤᠲᠤᠭ》ᠲᠠᠬᠢ ᠴᠦᠬᠡᠨ ᠲᠤᠭᠠᠲᠤ ᠦᠨᠳᠦᠰᠦᠲᠡᠨ ᠦ ᠡᠮᠡᠭᠲᠡᠢ᠌ᠴᠦᠳ ᠦᠨ ᠳᠦᠷᠢ ᠪᠤᠯᠤᠨ ᠲᠡᠭᠦᠨ ᠦ ᠬᠦᠢᠰᠦ ᠢᠯᠭᠠᠯ ᠤᠨ ᠲᠤᠬᠠᠢ ᠵᠢᠷᠤᠭᠯᠠᠯ ᠨᠢ ᠲᠤᠰ ᠲᠧᠺᠰᠲ᠋ ᠦᠨ ᠣᠯᠠᠨ ᠵᠤᠢ᠌ᠯ ᠤᠨ ᠬᠡᠯᠡᠭᠦᠢ ᠶᠢᠨ ᠣᠷᠴᠢᠨ ᠤ ᠤᠶᠠᠯᠳᠤᠯ ᠳᠤᠮᠳᠠᠬᠢ ᠰᠤᠶᠤᠯ ᠤᠨ ᠠᠭᠤᠯᠤᠭᠳᠠᠬᠤᠨ ᠬᠢᠭᠡᠳ ᠤᠶᠤᠨ ᠰᠠᠨᠠᠭᠠᠨ ᠤ ᠬᠦᠭᠡᠭᠡᠴᠡᠯᠳᠦᠯ ᠢ ᠳᠡᠯᠭᠡᠨ ᠦᠵᠡᠭᠦᠯᠵᠡᠢ᠃ ᠦᠨᠳᠦᠰᠦᠲᠡᠨ ᠦ ᠪᠤᠯᠤᠨ ᠬᠦᠢᠰᠦ ᠢᠯᠭᠠᠯ ᠤᠨ ᠵᠤᠭᠰᠤᠴᠠ ᠠᠴᠠ ᠠᠵᠢᠭᠯᠠᠬᠤ ᠳᠤ᠂ ᠲᠤᠰ ᠷᠤᠮᠠᠨ ᠤ ᠭᠤᠤᠯ ᠳᠦᠷᠢ ᠨᠢ ᠨᠢᠭᠡ ᠲᠠᠯ᠎ᠠ ᠪᠠᠷ ᠤᠠᠮᠵᠢᠯᠠᠯᠲᠤ ᠬᠦᠢᠰᠦ ᠢᠯᠭᠠᠯ ᠤᠨ ᠦᠵᠡᠯᠲᠡ ᠶᠢ ᠢᠯᠡᠷᠡᠭᠦᠯᠵᠦ᠂ ᠨᠦᠬᠦᠭᠡ ᠲᠠᠯ᠎ᠠ ᠪᠠᠷ ᠵᠤᠬᠢᠶᠠᠭᠴᠢ ᠵᠠᠰᠠᠯᠲᠠ ᠬᠢᠭ᠍ᠰᠠᠡ ᠡᠬᠡ ᠳᠡᠭᠡᠨ ᠵᠤᠬᠢᠶᠠᠯ ᠤᠨ ᠪᠠᠭᠠᠲᠤᠷ ᠤᠨ ᠦᠨᠳᠦᠰᠦᠲᠡᠨ ᠦ ᠢᠯᠭᠠᠯ ᠪᠤᠯᠤᠨ ᠬᠦᠢᠰᠦ ᠢᠯᠭᠠᠯ ᠤᠨ ᠲᠠᠯ᠎ᠠ ᠳᠤ ᠲᠤᠬᠢᠷᠠᠭᠤᠯᠤᠯᠲᠠ ᠬᠢᠵᠦ ᠵᠤᠬᠢᠴᠠᠭᠤᠯᠤᠭᠰᠠᠨ ᠴᠠ ᠨᠢᠭᠡᠨ ᠬᠡᠮᠵᠢᠶᠡᠨ ᠳᠤ ᠦᠨᠳᠦᠰᠦᠲᠡᠨ ᠦ ᠢᠵᠢᠯᠢᠰᠢᠪᠦᠷᠢ ᠶᠢᠨ ᠤᠬᠠᠮᠰᠠᠷ ᠢ ᠬᠠᠷᠠᠭᠤᠯᠵᠤ ᠴᠢᠳᠠᠵᠠᠢ᠃ ᠲᠤᠰ ᠪᠦᠲᠦᠭᠡᠯ ᠨᠢ ᠮᠣᠩ᠋ᠭᠤᠯ ᠡᠮᠡᠭᠲᠡᠢ᠌ᠴᠦᠳ ᠦᠨ ᠲᠤᠳᠤᠷᠬᠠᠢ ᠲᠡᠦᠬᠡᠨ ᠴᠠᠭ ᠬᠤᠭᠤᠴᠠᠭᠠᠨ ᠤ ᠬᠤᠪᠢ ᠳᠠᠪᠢᠯᠠᠩ᠂ ᠵᠠᠶᠠᠭ᠎ᠠ ᠲᠦᠭᠡᠷᠢᠭᠡ ᠶᠢ ᠪᠤᠷᠤᠭᠵᠢᠭᠤᠨ ᠢᠶᠠᠷ ᠳᠤᠰᠬᠠᠭᠰᠠᠨ ᠪᠦᠭᠡᠳ ᠣᠨᠴᠠᠭᠠᠢ ᠪᠡᠶ᠎ᠡ ᠶᠢᠨ ᠭᠠᠷᠤᠯ ᠪᠦᠬᠦᠢ ᠡᠮᠡᠭᠲᠡᠢ ᠬᠦᠮᠦᠨ ᠦ ᠳᠦᠷᠢ ᠶᠢ ᠪᠦᠲᠦᠭᠡᠬᠦ ᠳᠡᠭᠡᠨ ᠦᠨᠳᠦᠰᠦᠲᠡᠨ ᠦ ᠪᠤᠯᠤᠨ ᠬᠦᠢᠰᠦ ᠢᠯᠭᠠᠯ ᠠᠴᠠ ᠪᠤᠯᠤᠭᠰᠠᠨ ᠳᠤᠲᠤᠭᠠᠳᠤ ᠰᠡᠳᠬᠢᠯᠭᠡᠨ ᠦ ᠣᠨᠴᠠᠯᠢᠭ ᠢ ᠤᠷᠠᠯᠢᠭᠵᠢᠭᠤᠯᠤᠨ ᠳᠤᠰᠬᠠᠵᠤ ᠴᠢᠳᠠᠵᠠᠢ᠃ ᠶᠠᠭ ᠡᠢ᠌ᠮᠦ ᠡᠴᠡ ᠲᠤᠰ ᠷᠤᠮᠠᠨ ᠣᠨᠴᠠᠯᠢᠭ ᠪᠦᠬᠦᠢ ᠪᠦᠲᠦᠭᠡᠯ ᠬᠡᠪ ᠢᠶᠡᠷ ᠣᠷᠤᠰᠢᠬᠤ ᠪᠤᠯᠤᠨ᠎ᠠ᠃ |
Original Literature |
View Original Paper
|
出自 |
中国蒙古学
2013年
第1期
|