Paper Information


Title ᠮᠣᠩᠭ᠋ᠤᠯ ᠡᠮᠨᠡᠯᠭᠡ ᠵᠢᠨ ᠶᠠᠰᠤᠨ ᠰᠠᠯᠠᠭᠠᠨ ᠤ ᠵᠢᠭᠠᠨ ᠰᠤᠷᠭᠠᠬᠤ ᠠᠷᠭ᠋ ᠠ ᠪᠠ ᠠᠭᠤᠯᠭ᠋ ᠠ ᠵᠢᠨ ᠦᠭᠡᠷᠡᠴᠢᠯᠡᠯᠲᠡ ᠵᠢᠨ ᠲᠣᠬᠠᠢ ᠰᠣᠳᠤᠯᠤᠯᠲᠠ
Creator ᠪᠠ ᠬᠤ ᠱᠠᠨ ᠴᠢᠩ ᠱᠠᠨ
Keyword ᠶᠠᠰᠤᠨ ᠰᠠᠯᠠᠭ᠋ ᠠ; ᠣᠯᠠᠨ ᠵᠠᠭᠤᠴᠢᠲᠤ ᠵᠢᠭᠠᠬᠤ ᠠᠷᠭ᠋ ᠠ; ᠦᠭᠡᠷᠡᠴᠢᠯᠡᠯᠲᠡ; ᠮᠣᠩᠭ᠋ᠤᠯ ᠡᠮᠨᠡᠯᠭᠡ
Abstract ᠵᠣᠷᠢᠯᠭ᠋ ᠠ᠄ ᠺᠣᠮᠫᠢᠦ᠋ᠲ᠋ᠸᠷ ᠪᠠ ᠰᠤᠷᠠᠭ ᠴᠢᠮᠡᠭᠡ ᠵᠢᠨ ᠰᠢᠨ᠌ ᠡ ᠮᠡᠷᠭᠡᠵᠢᠯ ᠢ ᠠᠰᠢᠭᠯᠠᠵᠤ ᠮᠣᠩᠭ᠋ᠤᠯ ᠡᠮᠨᠡᠯᠭᠡ ᠵᠢᠨ ᠶᠠᠰᠤᠨ ᠰᠠᠯᠠᠭᠠᠨ ᠤ ᠬᠢᠴᠢᠶᠡᠯ ᠤᠨ ᠤᠯᠠᠮᠵᠢᠯᠠᠯᠲᠤ ᠵᠢᠠᠭᠠᠬᠤ ᠠᠷᠭ᠋ ᠠ ᠵᠢ ᠣᠯᠠᠨ ᠵᠠᠭᠤᠴᠢᠲᠤ ᠵᠢᠭᠠᠬᠤ ᠠᠷᠭ᠋ ᠠ ᠪᠡᠷ ᠦᠭᠡᠷᠡᠴᠢᠯᠡᠨ᠌ ᠡ᠃ ᠠᠷᠭ᠋ ᠠ᠄ ᠣᠯᠠᠨ ᠵᠠᠭᠤᠴᠢᠲᠤ ᠵᠢᠭᠠᠬᠤ ᠮᠠᠲ᠋ᠸᠷᠢᠶᠠᠯ ᠤᠨ ᠲᠣᠨᠤᠭ ᠲᠦᠭᠦᠭᠡᠷᠦᠮᠵᠢ᠂ Power Point Author ware, Flash ᠰᠤᠹᠲ ᠵᠢᠡᠷ CT᠂ MRI ᠡᠮᠴᠢᠯᠡᠭᠡᠨ ᠤ ᠳᠦᠷᠰᠦ ᠰᠢᠩᠭᠡᠭᠡᠯᠲᠡ ᠵᠡᠷᠭᠡ ᠵᠢ ᠬᠢᠴᠢᠶᠡᠯ ᠤᠨ ᠠᠭᠤᠯᠭ᠋ ᠠ ᠲᠠᠢ ᠤᠶᠠᠯᠳᠤᠭᠤᠯᠵᠤ᠂ ᠰᠢᠭᠤᠳ ᠦᠵᠡᠭᠦᠯᠦᠯᠭᠡ᠂ ᠠᠮᠢᠳᠤ ᠳᠦᠷᠰᠦᠯᠢᠭ ᠵᠢᠡᠷ ᠰᠤᠷᠤᠭᠴᠢᠳ ᠤᠨ ᠡᠮᠦᠨ᠌ ᠡ ᠢᠯᠡᠳᠭᠡᠭ᠍ᠰᠡᠨ ᠪᠠᠶᠢᠨ᠌ ᠡ᠃ ᠦᠷ ᠡ ᠳ᠋ᠦᠩ᠄ ᠣᠯᠠᠨ ᠵᠠᠭᠤᠴᠢᠳᠤ ᠵᠢᠭᠠᠬᠤ ᠮᠠᠲ᠋ᠸᠷᠢᠶᠠᠯ ᠵᠢᠡᠷ ᠲᠤᠰ ᠬᠢᠴᠢᠶᠡᠯ ᠤᠨ ᠠᠭᠤᠯᠭ᠋ ᠠ ᠵᠢ ᠦᠭᠡᠷᠡᠴᠢᠯᠡᠨ ᠰᠢᠨᠡᠳᠭᠡᠭ᠍ᠰᠡᠨ ᠵᠢᠡᠷ ᠰᠤᠷᠤᠭᠴᠢᠳ ᠤᠨ ᠰᠤᠷᠤᠯᠴᠠᠬᠤ ᠢᠳᠡᠪᠬᠢᠵᠢᠯ ᠪᠠ ᠤᠷᠮ ᠠ ᠵᠢ ᠳᠠᠶᠢᠴᠢᠯᠠᠬᠤ ᠵᠢᠨ ᠬᠠᠮᠲᠤ ᠪᠠᠭᠰᠢ ᠵᠢᠨ ᠵᠢᠭᠠᠨ ᠰᠤᠷᠭᠠᠬᠤ ᠠᠷᠭ᠋ ᠠ ᠮᠠᠶᠢᠭ ᠢ ᠦᠭᠡᠷᠡᠴᠢᠯᠡᠨ ᠰᠢᠨᠡᠳᠭᠡᠵᠦ᠂ ᠤᠯᠠᠮᠵᠢᠯᠠᠯᠲᠤ ᠵᠢᠠᠭᠠᠨ ᠰᠤᠷᠭᠠᠬᠤ ᠠᠷᠭ᠋ ᠠ ᠵᠢ ᠨᠢᠭᠡ ᠰᠢᠨ᠌ ᠡ ᠱᠠᠲᠤᠨ ᠳᠤ ᠣᠷᠤᠭᠤᠯᠪᠠ᠃ ᠳ᠋ᠦᠩᠨᠡᠯᠲᠡ᠄ ᠣᠯᠠᠨ ᠵᠠᠭᠤᠴᠢᠲᠤ ᠮᠣᠩᠭ᠋ᠤᠯ ᠠᠨᠠᠭᠠᠬᠤ ᠤᠬᠠᠭᠠᠨ ᠤ ᠶᠠᠰᠤᠨ ᠰᠠᠯᠠᠭᠠᠨ ᠤ ᠬᠢᠴᠢᠶᠡᠯ ᠤᠨ ᠲᠣᠨᠤᠭ ᠵᠢᠡᠷ ᠬᠢᠴᠢᠶᠡᠯᠯᠡᠬᠦ ᠳᠤ᠂ ᠡᠷᠬᠡᠪᠰᠢ ᠭᠣᠣᠯᠳᠠᠯᠭ᠋ ᠠ ᠵᠢ ᠠᠳᠭᠤᠵᠤ᠂ ᠵᠣᠬᠢᠰᠲᠠᠢ ᠲᠦᠯᠦᠪᠯᠡᠨ ᠵᠣᠬᠢᠶᠠᠵᠤ᠂ ᠵᠢᠭᠠᠬᠤ ᠪᠠ ᠰᠤᠷᠬᠤ ᠵᠢ ᠠᠮᠢᠳᠤᠯᠢᠭ ᠵᠢᠡᠷ ᠤᠶᠠᠯᠳᠤᠭᠤᠯᠤᠨ᠌ ᠠ᠃ ᠡᠷᠬᠡᠪᠰᠢ ᠣᠨᠤᠯ ᠵᠢᠡᠷ ᠰᠠᠭᠤᠷᠢᠯᠠᠬᠤ ᠵᠠᠷᠴᠢᠮ ᠳᠣᠣᠷ ᠠ ᠶᠠᠪᠤᠭᠳᠠᠵᠤ᠂ ᠣᠯᠠᠨ ᠵᠠᠭᠤᠴᠢᠲᠤ ᠵᠢᠭᠠᠬᠤ ᠮᠠᠲ᠋ᠸᠷᠢᠶᠠᠯ ᠤᠨ ᠬᠡᠷᠡᠭᠯᠡᠬᠦ ᠬᠡᠪᠴᠢᠶ ᠡ ᠵᠢ ᠠᠩᠭᠠᠷᠴᠦ᠂ ᠦᠵᠡᠭᠦᠯᠦᠯᠭᠡ ᠵᠢᠨ ᠵᠢᠷᠤᠭ ᠳᠦᠷᠰᠦ ᠪᠠ ᠬᠦᠳᠡᠯᠭᠡᠭᠡᠨᠲᠦ ᠵᠢᠷᠤᠭ ᠢ ᠬᠡᠲᠦᠷᠬᠡᠢ ᠪᠣᠳᠤᠯᠢᠶᠠᠨᠲᠠᠢ ᠪᠣᠯᠭᠠᠬᠤ ᠵᠢ ᠡᠷᠡᠰ ᠴᠡᠭᠡᠷᠯᠡᠬᠦ ᠬᠡᠷᠡᠭᠲᠡᠢ᠃ ᠭᠡᠬᠦ ᠳᠡᠭᠡᠨ᠂ ᠬᠢᠴᠶᠡᠯ ᠤᠨ ᠲᠢᠩᠭᠢᠮ ᠤᠨ ᠵᠢᠭᠠᠨ ᠰᠤᠷᠭᠠᠯᠲᠠ ᠵᠢᠨ ᠠᠮᠵᠢᠯᠲᠠ ᠣᠯᠬᠤ ᠳᠤ ᠪᠠᠭᠰᠢ ᠵᠢᠨ ᠬᠣᠪᠢ ᠪᠡᠶ ᠡ ᠵᠢᠨ ᠴᠢᠨᠠᠷ ᠴᠢᠨᠰᠠᠨᠭ᠋ ᠠ ᠭᠣᠣᠯ ᠪᠣᠯᠬᠤ ᠵᠢ ᠮᠦᠨ ᠤᠮᠳᠤᠭᠠᠶᠢᠯᠠᠵᠤ ᠪᠣᠯᠬᠤ ᠦᠭᠡᠢ᠃
Original Literature View Original Paper
出自 内蒙古民族大学学报(自然科学) 2006年 第2期

联系我们


内蒙古大学图书馆
呼和浩特市大学西路235号
中国·内蒙古
P: (0471) 4992561
E: huangfeilong@imu.edu.cn