Title |
《ᠮᠣᠩᠭᠤᠯ ᠤᠨ ᠨᠢᠭᠤᠴᠠ ᠲᠤᠪᠴᠢᠶᠠᠨ》 ᠳ᠋ᠡᠬᠢ ᠲᠤᠰᠬᠠᠢ ᠨᠡᠷ ᠠ ᠶᠢᠨ ᠲᠤᠭᠠᠨ ᠤ ᠵᠤᠬᠢᠴᠠᠯ ᠤᠨ ᠰᠢᠨᠵᠢᠯᠡᠯ |
Creator |
ᠠᠨ ᠬᠠᠰᠭᠡᠷᠡᠯ︔ ᠳ᠋ᠦᠩ ᠰᠢᠩ |
Keyword |
《ᠮᠣᠩᠭᠤᠯ ᠤᠨ ᠨᠢᠭᠤᠴᠠ ᠲᠤᠪᠴᠢᠶᠠᠨ》︔ ᠲᠤᠭᠠᠨ ᠤ ᠵᠤᠬᠢᠴᠠᠯ︔ ᠲᠤᠰᠬᠠᠢ ᠨᠡᠷ ᠠ |
Abstract |
ᠲᠤᠭᠠᠨ ᠤ ᠵᠤᠬᠢᠴᠠᠯ ᠪᠤᠯ ᠲᠤᠮᠳᠠᠳᠤ ᠡᠷᠲᠡᠨ ᠤ ᠮᠣᠩᠭᠤᠯ ᠬᠡᠯᠡᠨ ᠤ ᠦᠭᠦᠯᠡᠪᠦᠷᠢ ᠶᠢᠨ ᠪᠦᠲᠦᠴᠡ ᠶᠢᠨ ᠬᠠᠮᠤᠭ ᠤᠨ ᠴᠢᠬᠤᠯᠠᠣᠨᠴᠠᠯᠢᠭ ᠤᠨ ᠨᠢᠭᠡ ᠨᠢ ᠪᠤᠯᠬᠤ ᠶᠣᠮ᠃ ᠡᠷᠲᠡᠨ ᠤ ᠮᠣᠩᠭᠤᠯ ᠬᠡᠯᠡᠨ ᠤ ᠪᠦᠲᠦᠴᠡ ᠵᠢ ᠪᠦᠬᠦ ᠲᠠᠯ ᠠ ᠪᠡᠷ ᠬᠠᠷᠠᠭᠤᠯᠵᠤ ᠴᠢᠳᠠᠬᠤᠢᠴᠠ ᠬᠠᠮᠤᠭ ᠤᠨ ᠲᠤᠮᠤ ᠪᠢᠴᠢᠭ ᠤᠨ ᠲᠤᠷᠠᠰᠬᠠᠯ ᠪᠤᠯᠬᠤ《 ᠮᠣᠩᠭᠤᠯ ᠤᠨ ᠨᠢᠭᠤᠴᠠ ᠲᠤᠪᠴᠢᠶᠠᠨ》 ᠤ ᠬᠡᠯᠡᠨ ᠳ᠋ᠤ ᠲᠤᠭᠠᠨ ᠤ ᠵᠤᠬᠢᠴᠠᠯ ᠤᠨ ᠦᠵᠡᠭᠳᠡᠯ ᠲᠤᠳᠤ ᠲᠤᠰᠬᠠᠭᠳᠠᠵᠤ ᠪᠤᠢ᠃ ᠲᠤᠳᠤᠳᠬᠠᠯ ᠪᠠ ᠲᠤᠳᠤᠳᠬᠠᠭᠤᠯᠤᠭᠴᠢ ᠶᠢᠨ ᠬᠤᠭᠤᠷᠤᠨᠳᠤᠬᠢ ᠲᠤᠭᠠᠨ ᠤ ᠵᠤᠬᠢᠴᠠᠯ ᠨᠢ ᠶᠡᠷᠦ ᠶᠢᠨᠨᠡᠷ ᠠ᠂ ᠲᠤᠭᠠᠨ ᠤ ᠨᠡᠷ ᠠ ᠨᠡᠷ ᠠ ᠪᠠ ᠲᠤᠰᠬᠠᠢ ᠨᠡᠷ ᠠ ᠵᠡᠷᠭᠡ ᠲᠠᠢ ᠬᠤᠯᠪᠤᠭᠳᠠᠵᠤ ᠢᠯᠡᠷᠡᠳᠡᠭ᠃《 ᠮᠣᠩᠭᠤᠯ ᠤᠨ ᠨᠢᠭᠤᠴᠠ ᠲᠤᠪᠴᠢᠶᠠᠨ》 ᠳ᠋ᠡᠬᠢ ᠲᠤᠰᠬᠠᠢ ᠨᠡᠷ ᠠ ᠶᠢᠨ ᠲᠤᠭᠠᠨ ᠤ ᠵᠤᠬᠢᠴᠠᠯ ᠢ ᠨᠠᠷᠢᠪᠴᠢᠯᠠᠨ ᠰᠢᠨᠵᠢᠯᠡᠬᠦ ᠨᠢ ᠲᠤᠮᠲᠠᠲᠤ ᠡᠷᠲᠡᠨ ᠤ ᠮᠣᠩᠭᠤᠯ ᠬᠡᠯᠡᠨ ᠤ ᠰᠣᠳᠤᠯᠭᠠᠨ᠂ ᠮᠣᠩᠭᠤᠯ ᠬᠡᠯᠡᠨ ᠤ ᠴᠣᠪᠤᠭ᠎ᠠ ᠴᠠᠭ ᠤᠨ ᠰᠣᠳᠤᠯᠭᠠᠨ ᠤ ᠬᠦᠨᠵᠡᠭᠡᠢᠢᠷᠡᠯᠲᠡ ᠵᠢᠴᠢ ᠶᠡᠷᠦᠩᠬᠡᠢ ᠬᠡᠯᠡ ᠰᠢᠨᠵᠢᠯᠡᠯ ᠤᠨ ᠤᠨᠤᠯ ᠤᠨ ᠰᠣᠳᠤᠯᠭᠠᠨ ᠳ᠋ᠤ ᠴᠢᠬᠤᠯᠠ ᠠᠴᠢ ᠬᠣᠯᠪᠣᠭᠳᠠᠯ ᠲᠠᠢ᠃ |
Original Literature |
No Original Paper
|
出自 |
内蒙古社会科学(蒙文版)
2023年
第2期
|