Title |
ᠮᠦᠩᠭᠦᠨ ᠤᠰᠤ ᠶᠢ ᠬᠠᠯᠠᠭᠤᠨ ᠬᠦᠢᠲᠡᠨ ᠢᠶᠡᠷ ᠨᠤᠮᠤᠬᠠᠳᠬᠠᠭᠰᠠᠨ ᠪᠦᠲᠦᠭᠡᠭ᠍ᠳᠡᠭᠦᠨ ᠳᠦ ᠬᠢ ᠴᠢᠯᠦᠭᠡᠲᠦ ᠮᠦᠩᠭᠦᠨ ᠤᠰᠤᠨ ᠤ ᠠᠭᠤᠯᠤᠭᠳᠠᠴᠠ ᠶᠢᠨ ᠬᠡᠮᠵᠢᠯᠲᠡ |
Creator |
ᠪᠤᠤ ᠪᠠᠭᠠᠲᠤᠷ; ᠰᠶᠤᠤ ᠬᠤᠩ |
Keyword |
ᠮᠦᠩᠭᠦᠨ ᠤᠰᠤ; ᠨᠤᠮᠤᠬᠠᠳᠬᠠᠯ; ᠬᠦᠬᠦᠷ; ᠴᠢᠯᠦᠭᠡᠲᠦ ᠮᠦᠩᠭᠦᠨ ᠤᠰᠤ; ᠠᠭᠤᠯᠤᠭᠳᠠᠴᠠ ᠶᠢᠨ ᠬᠡᠮᠵᠢᠯᠲᠡ |
Abstract |
ᠮᠣᠩ᠋ᠭᠤᠯ ᠡᠮ ᠮᠦᠩᠭᠦᠨ ᠤᠰᠤ ᠶᠢ ᠬᠠᠯᠠᠭᠤᠨ ᠬᠦᠢᠲᠡᠨ ᠢᠶᠡᠷ ᠨᠤᠮᠤᠬᠠᠳᠬᠠᠭᠰᠠᠨ ᠪᠦᠲᠦᠭᠡᠭ᠍ᠳᠡᠭᠦᠨ ᠳᠦ ᠬᠢ ᠴᠢᠯᠦᠭᠡᠲᠦ ᠮᠦᠩᠭᠦᠨ ᠤᠰᠤᠨ ᠤ ᠠᠭᠤᠯᠤᠭᠳᠠᠴᠠ ᠶᠢ ᠬᠡᠮᠵᠢᠵᠦ᠂ ᠨᠤᠮᠤᠳᠬᠠᠭᠰᠠᠨ ᠪᠦᠲᠦᠭᠡᠭ᠍ᠳᠡᠭᠦᠨ ᠳᠦ ᠬᠤᠤᠷᠲᠤ ᠴᠢᠨᠠᠷ ᠤᠨ ᠰᠤᠳᠤᠯᠭ᠎ᠠ ᠬᠢᠨ᠎ᠡ᠃ ᠠᠷᠭ᠎ᠠ᠄ ᠭᠡᠷᠡᠯ ᠵᠢᠭ᠌ᠰᠠᠯ ᠤᠨ ᠠᠷᠭ᠎ᠠ ᠪᠠᠷ ᠴᠢᠯᠦᠭᠡᠲᠦ ᠮᠦᠩᠭᠦᠨ ᠤᠰᠤᠨ ᠤ ᠠᠭᠤᠯᠤᠭᠳᠠᠴᠠ ᠶᠢ ᠬᠡᠵᠢᠨᠡ᠃ ᠳ᠋ᠦᠩ᠄ ᠬᠦᠢᠲᠡᠨ ᠢᠶᠡᠷ ᠨᠤᠬᠤᠵᠤ ᠨᠤᠮᠤᠬᠠᠳᠬᠠᠭᠰᠠᠨ ᠪᠦᠲᠦᠭᠡᠭ᠍ᠳᠡᠦᠨ ᠳᠦ ᠬᠢ ᠴᠢᠯᠦᠭᠡᠲᠦ ᠮᠦᠩᠭᠦᠨ ᠤᠰᠤᠨ ᠤ ᠠᠭᠤᠯᠤᠭᠳᠠᠴᠠ ᠨᠢ 6 ᠴᠠᠭ ᠤᠨ ᠬᠢᠨᠢ 6.76%᠂ 12 ᠴᠠᠭ ᠤᠨ ᠬᠢᠨᠢ 4.87%᠂ 18 ᠴᠠᠭ ᠤᠨ ᠬᠢᠨᠢ 2.87% ᠪᠠᠢ᠌ᠨ᠎ᠠ᠃ ᠬᠠᠯᠠᠭᠤᠨ ᠢᠶᠠᠷ ᠨᠤᠮᠤᠬᠠᠳᠬᠠᠭᠰᠠᠨ ᠪᠦᠲᠦᠭᠡᠭ᠍ᠳᠡᠭᠦᠨ ᠳᠦ ᠬᠢ ᠴᠢᠯᠦᠭᠡᠲᠦ ᠮᠦᠩᠭᠦᠨ ᠤᠰᠤᠨ ᠤ ᠠᠭᠤᠯᠤᠭᠳᠠᠴᠠ ᠨᠢ 15 ᠤᠳᠠᠭ᠎ᠠ ᠬᠠᠢ᠌ᠯᠤᠭᠤᠯᠵᠤ ᠨᠤᠮᠤᠬᠠᠳᠬᠠᠭᠰᠠᠨ ᠤ ᠬᠢᠨᠢ 14.14%᠂ 17 ᠤᠳᠠᠭ᠎ᠠ ᠬᠠᠢ᠌ᠯᠤᠭᠤᠯᠵᠤ ᠨᠤᠮᠤᠬᠠᠳᠬᠠᠭᠰᠠᠨ ᠤ ᠬᠢᠨᠢ 12.43%᠂ 19 ᠤᠳᠠᠭ᠎ᠠ ᠬᠠᠢ᠌ᠯᠤᠭᠤᠯᠵᠤ ᠨᠤᠮᠤᠬᠠᠳᠬᠠᠭᠰᠠᠨ ᠤ ᠬᠢᠨᠢ 11.88%᠂ 21 ᠤᠳᠠᠭ᠎ᠠ ᠬᠠᠢ᠌ᠯᠤᠭᠤᠯᠵᠤ ᠨᠤᠮᠤᠬᠠᠳᠬᠠᠭᠰᠠᠨ ᠤ ᠬᠢᠨᠢ 9.48% ᠪᠤᠯᠤᠨ᠎ᠠ᠃ ᠳ᠋ᠦᠩᠨᠡᠯᠲᠡ᠄ ᠬᠦᠢᠲᠡᠨ ᠢᠶᠡᠷ ᠨᠤᠬᠤᠵᠤ ᠨᠤᠮᠤᠬᠠᠳᠬᠠᠭᠰᠠᠨ ᠮᠦᠩᠭᠨ ᠤᠰᠤᠨ ᠤ ᠪᠦᠲᠦᠭᠡᠭ᠍ᠳᠡᠭᠦᠨ ᠳᠦ ᠬᠢ ᠴᠢᠯᠦᠭᠡᠲᠦ ᠮᠦᠩᠭᠦᠨ ᠤᠰᠤᠨ ᠤ ᠠᠭᠤᠯᠤᠭᠳᠠᠴᠠ ᠨᠢ ᠬᠠᠯᠠᠭᠤᠨ ᠢᠶᠠᠷ ᠬᠠᠢ᠌ᠯᠤᠭᠤᠯᠵᠤ ᠨᠤᠮᠤᠬᠠᠳᠬᠠᠭᠰᠠᠨ ᠮᠦᠩᠭᠦᠨ ᠤᠰᠤ ᠶᠢᠨ ᠪᠦᠲᠦᠭᠡᠭ᠍ᠳᠡᠭᠦᠨ ᠳᠦ ᠬᠢ ᠴᠢᠯᠦᠭᠡᠲᠦ ᠮᠦᠩᠭᠦᠨ ᠤᠰᠤ ᠶᠢᠨ ᠠᠭᠤᠯᠤᠭᠳᠠᠴᠠ ᠠᠴᠠ ᠢᠯᠡᠷᠬᠡᠢ ᠳᠤᠤᠷ᠎ᠠ ᠪᠠᠢ᠌ᠨ᠎ᠠ᠃ |
Original Literature |
View Original Paper
|
出自 |
内蒙古民族大学学报(蒙医药学)
2010年
第1期
|