Paper Information


Title ᠴᠣᠭᠤᠷ ᠢ ᠬᠦᠭᠵᠢᠮᠳᠡᠬᠦ ᠤᠷ ᠠ ᠮᠡᠷᠭᠡᠵᠢᠯ ᠤᠨ ᠱᠠᠭᠠᠷᠳᠠᠯᠭ᠎ᠠ ᠶᠢᠨ ᠲᠤᠬᠠᠢ ᠦᠭᠦᠯᠡᠬᠦ ᠨᠢ
Creator ᠡᠷᠳᠡᠨᠢᠪᠦ᠋ᠭᠡ
Keyword ᠴᠣᠭᠤᠷ ᠬᠤᠭᠤᠷ; ᠮᠤᠷᠢᠨ ᠬᠢᠯᠭᠠᠰᠤ; ᠬᠦᠭᠵᠢᠮᠳᠡᠬᠦ ᠤᠷ ᠠ ᠮᠡᠷᠭᠡᠵᠢᠯ
Abstract ᠴᠣᠭᠤᠷ ᠪᠤᠯ ᠪᠠᠢᠭᠠᠯᠢᠯᠢᠭ ᠪᠦᠲᠦᠴᠡ ᠲᠠᠢ᠃ ᠴᠢᠪᠬᠠᠳᠠᠰᠤ ᠠᠮᠢ ᠲᠠᠢ ᠂ ᠵᠠᠩ ᠦᠢᠯᠠ ᠶᠢᠨ ᠣᠨᠴᠠᠯᠢᠭ ᠪᠦᠬᠦᠢ ᠬᠠᠢᠯᠠᠬᠤ ᠵᠤᠷᠢᠭᠤᠯᠤᠯᠲᠠ ᠲᠠᠢ ᠡᠷᠲᠡᠨ ᠤ ᠬᠦᠭᠵᠢᠮᠳᠡᠭᠦᠷ ᠶᠣᠮ᠃ ᠮᠦᠨ ᠴᠦ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠪᠤᠯᠬᠤ ᠮᠣᠩᠭᠤᠯᠴᠤᠳ ᠤᠨ ᠤᠯᠠᠨ ᠵᠠᠭᠤᠨ ᠵᠢᠯ  ᠪᠠᠢᠭᠠᠯᠢ ᠲᠡᠯᠭᠡᠢ ᠲᠠᠢ ᠠᠭᠤᠰᠤᠯᠴᠠᠨ᠂ ᠠᠮᠢᠳᠤᠷᠠᠬᠤ ᠶᠤᠰᠤᠨ ᠢ ᠤᠢᠠᠯᠠᠭᠰᠠᠨ  ᠤ ᠳ᠋ᠦᠩ ᠳ᠋ᠤ ᠪᠤᠢ ᠪᠤᠯᠤᠭᠰᠠᠨ ᠤᠶᠤᠨ ᠤᠬᠠᠭᠠᠨ ᠤ ᠦᠨᠡᠲᠦ ᠦᠪ ᠶᠣᠮ᠃ᠮᠣᠩᠭᠤᠯᠴᠤᠳ ᠠᠩᠬ ᠠ ᠴᠣᠭᠤᠷ ᠢ ᠬᠢᠵᠦ ᠪᠦᠲᠦᠭᠡᠬᠦ ᠳ᠋ᠤ ᠪᠠᠨ ᠬᠦᠮᠦᠨ ᠠᠮᠢᠲᠠᠨ ᠢ ᠴᠡᠩᠭᠡᠬᠦᠯᠵᠦ ᠪᠠᠶᠠᠰᠬᠠᠬᠤ ᠡᠴᠡ ᠪᠠᠨ ᠢᠯᠡᠬᠦᠦ ᠵᠠᠩ ᠦᠢᠯᠡ ᠶᠢᠨ ᠴᠢᠠᠨᠷ ᠢ ᠨᠢ ᠡᠷᠬᠢᠮᠯᠡᠵᠦ᠂ ᠴᠣᠭᠤᠷ ᠤᠨ ᠡᠭᠡᠰᠢᠭ ᠢᠢᠡᠷ ᠪᠠᠢᠭᠠᠯᠢ ᠶᠢᠨ ᠬᠠᠷ ᠠ ᠬᠦᠴᠦ ᠵᠢ ᠡᠶᠡᠷᠡᠬᠦᠯᠬᠦ᠂ ᠠᠮᠢᠳᠤᠷᠠᠯ ᠢᠢᠡᠨ ᠦᠭᠡᠳᠡᠯᠡᠬᠦᠯᠬᠦ ᠵᠤᠷᠢᠯᠭ᠎ᠠ ᠲᠠᠢ ᠪᠠᠢᠭᠰᠠᠨ ᠪᠠᠢᠵᠦᠪᠤᠯᠬᠤ ᠶᠣᠮ᠃ ᠡᠨᠡ ᠬᠦ ᠦᠵᠡᠯ ᠤᠢᠯᠠᠭᠠᠯᠲᠠ ᠵᠢ ᠮᠠᠯᠴᠢᠳ ᠤᠨ 《 ᠬᠤᠭᠤᠷ ᠡᠭᠡᠰᠢᠭᠯᠡᠬᠦ ᠳ᠋ᠤ ᠭᠡᠷ ᠤᠨ ᠵᠢᠪᠠᠷ ᠠᠷᠢᠯᠤᠨ᠎ᠠ》 ᠭᠡᠳᠡᠭ ᠡᠷᠲᠡᠨ ᠤ ᠬᠡᠯᠡᠴᠡ ᠦᠭᠡ ᠪᠡᠷ ᠲᠠᠢᠯᠪᠤᠷᠢᠯᠠᠵᠤ ᠪᠤᠯᠤᠨ᠎ᠠ᠃ ᠴᠣᠭᠤᠷ ᠲᠤ ᠦᠪᠡᠷ ᠤᠨ ᠭᠡᠰᠡᠨ ᠬᠦᠭᠵᠢᠮᠳᠡᠬᠦ ᠤᠷ ᠠ ᠮᠡᠷᠭᠡᠵᠢᠯ ᠤᠨ ᠱᠠᠭᠠᠷᠳᠠᠯᠭ᠎ᠠ ᠲᠠᠢ ᠪᠠᠢᠳᠠᠭ᠃
Original Literature View Original Paper
出自 中国蒙古学 2022年 第6期

联系我们


内蒙古大学图书馆
呼和浩特市大学西路235号
中国·内蒙古
P: (0471) 4992561
E: huangfeilong@imu.edu.cn