Abstract |
ᠭᠧᠷᠮᠠᠨ ᠤᠯᠤᠰ ᠤᠨ ᠡᠷᠲᠮᠲᠡᠨ ᠪ᠂ ᠪᠸᠷᠭ᠍ᠮᠠᠨ ᠤ 1804ᠣᠨ ᠳ᠋ᠤ ᠤᠷᠴᠢᠭᠤᠯᠵᠤ ᠬᠡᠪᠯᠡᠭᠰᠡᠨ 《 ᠭᠡᠰᠡᠷ ᠤᠨ ᠲᠤᠭᠤᠵᠢ《 ᠶᠢᠨ ᠪᠠᠷ ᠬᠡᠪᠯᠡᠯ ᠳ᠋ᠤ ᠬᠤᠯᠪᠤᠭᠳᠠᠬᠤ ᠠᠰᠠᠭᠤᠳᠠᠯ ᠢ ᠪᠠᠷ ᠬᠡᠪᠯᠡᠯ ᠪᠦᠯᠦᠭ ᠤᠨ ᠠᠰᠠᠭᠤᠳᠠᠯ ᠬᠢᠭᠡᠳ ᠤᠭ ᠡᠭᠡ ᠶᠢᠨ ᠬᠠᠷᠢᠴᠠᠭᠤᠯᠤᠯ ᠭᠡᠬᠦ ᠬᠤᠶᠠᠷ ᠲᠠᠯ ᠠ ᠡᠴᠡ ᠰᠢᠨᠵᠢᠯᠡᠬᠦ ᠪᠡᠷ ᠲᠠᠮᠵᠢᠭᠤᠯᠵᠤ᠂ ᠦᠩᠭᠡᠷᠡᠭᠰᠡᠨ ᠤ ᠬᠡᠪᠯᠡᠯ ᠳ᠋ᠤ ᠬᠠᠯᠪᠤᠭᠳᠠᠬᠤᠪ ᠵᠠᠷᠢᠮ ᠡᠨᠳᠡᠬᠦᠦ ᠵᠢ ᠵᠠᠰᠠᠪᠤᠷᠢᠯᠠᠬᠤ ᠶᠢᠨ ᠬᠠᠮᠲᠤ ᠤᠤᠯ ᠡᠭᠡ ᠨᠢ ᠯᠦᠩ ᠹᠦ᠋ ᠰᠸ ᠬᠡᠢᠢᠳ ᠤᠨ ᠤᠢᠭᠤᠷᠵᠢᠨ ᠮᠣᠩᠭᠤᠯ ᠦᠰᠦᠭ ᠤᠨ《 ᠬᠡᠰᠡᠷ ᠤᠨ ᠲᠤᠭᠤᠵᠢ》 ᠬᠢᠭᠡᠳ ᠰᠡᠭᠦᠯ ᠤᠨ ᠦᠶ ᠠ ᠳ᠋ᠤ ᠬᠠᠯᠢᠮᠠᠭ ᠨᠤᠲᠤᠭ ᠡᠴᠡ ᠴᠤᠭᠯᠠᠭᠤᠯᠤᠭᠰᠠᠨ ᠢᠵᠢᠯ ᠠᠭᠤᠯᠭ᠎ᠠ ᠪᠦᠬᠦᠢ 《 ᠭᠡᠰᠡᠷ ᠪᠤᠭᠲᠠ ᠬᠠᠭᠠᠨ ᠤ ᠲᠤᠭᠤᠵᠢ》 ᠡᠴᠡ ᠠᠷᠠᠢ ᠦᠭᠡᠷ ᠠ ᠨᠢᠭᠡᠨ ᠡᠭᠡ ᠭᠡᠬᠦ ᠦᠵᠡᠯᠲᠡ ᠪᠠᠨ ᠲᠡᠪᠰᠢᠭᠦᠯᠪᠡ᠃ |