Title |
ᠮᠣᠩᠭᠤᠯ ᠠᠨᠠᠭᠠᠬᠤ ᠤᠬᠠᠭᠠᠨ ᠢᠢᠡᠷ ᠬᠡᠦᠭᠡᠳ ᠤᠨ ᠪᠤᠲᠤᠩᠭᠤᠢᠷᠠᠯ ᠡᠪᠡᠳᠴᠢᠨ ᠢ ᠡᠮᠨᠡᠨ ᠵᠠᠰᠠᠵᠤ ᠪᠠᠢᠭ᠎ᠠ ᠪᠠᠢᠳᠠᠯ |
Creator |
ᠪᠤᠤ ᠵᠢᠨ ᠬᠤᠸᠠ |
Keyword |
ᠮᠣᠩᠭᠤᠯ ᠠᠨᠠᠭᠠᠬᠤ ᠤᠾᠠᠭᠠᠩ᠄ ᠾᠧᠦᠭᠧᠳ ᠤᠩ ᠪᠤᠳᠤᠩᠭᠤᠢᠷᠠᠯ ᠡᠣᠪᠡᠳᠴᠢᠨ |
Abstract |
ᠬᠡᠦᠭᠡᠳ ᠤᠨ ᠪᠤᠲᠤᠩᠭᠤᠢᠷᠠᠯ ᠡᠪᠡᠳᠴᠢᠨ ᠢ ᠤᠳᠤ ᠦᠶ ᠠ ᠶᠢᠨ ᠡᠮᠴᠢᠯᠡᠭᠡᠨ ᠲᠡᠭᠡᠷ ᠠ ᠭᠠᠭᠴᠠᠭᠠᠷᠲᠠᠮᠠᠯ ᠡᠪᠡᠳᠴᠢᠨ ᠭᠡᠵᠦ᠂ᠠᠩᠯᠢ ᠪᠡᠷ《autism》ᠭᠡᠳᠡᠭ᠃ ᠲᠤᠰ ᠡᠪᠡᠳᠴᠢᠨ ᠤ ᠲᠤᠬᠠᠢ ᠮᠣᠩᠭᠤᠯ ᠠᠨᠠᠭᠠᠬᠤ ᠤᠬᠠᠭᠠᠨ ᠤ ᠡᠷᠲᠡᠨ ᠤ ᠰᠤᠷᠪᠤᠯᠵᠢ ᠪᠢᠴᠢᠭ ᠲᠡᠭᠡᠷ ᠠ ᠰᠢᠰᠲ᠋ᠸᠮ ᠲᠠᠢ ᠲᠡᠮᠳᠡᠭᠯᠡᠯ ᠦᠭᠡᠢ ᠪᠤᠯᠪᠠᠴᠤ ᠭᠡᠦᠭᠡᠳ ᠤᠨ 《 ᠡᠨᠳᠠ ᠡᠪᠡᠳᠴᠢᠨ》 ᠤ ᠠᠭᠤᠯᠭ᠎ᠠ ᠳ᠋ᠤ ᠨᠢᠲᠤᠨ ᠪᠤᠯᠤᠩ ᠢᠡᠢᠷ ᠬᠠᠷᠠᠬᠤ᠂ ᠨᠢᠲᠦ ᠪᠡᠨ ᠲᠡᠭᠡᠭᠰᠢ ᠰᠢᠷᠲᠡᠬᠦ; ᠤᠭᠲᠠᠷᠬᠤᠢ ᠦᠭᠡᠳᠡ ᠬᠠᠷᠠᠬᠤ᠂ ᠪᠤᠲᠤᠩᠭᠤᠢᠷᠠᠬᠤ ᠵᠡᠷᠭᠡ ᠰᠢᠨᠵᠢ ᠲᠡᠮᠳᠡᠭ ᠢ ᠲᠡᠮᠳᠡᠭᠯᠡᠭᠰᠡᠨ ᠪᠠᠢᠨ᠎ᠠ᠃ ᠡᠳᠡᠭᠡᠷ ᠨᠢ ᠶᠠᠭ ᠬᠡᠦᠭᠡᠳ ᠤᠨ ᠪᠤᠲᠤᠩᠭᠤᠢᠷᠠᠯ ᠤᠨ ᠡᠪᠡᠳᠴᠢᠨ ᠳ᠋ᠤ ᠢᠯᠡᠷᠡᠬᠦ ᠰᠢᠨᠵᠢ ᠲᠡᠮᠳᠡᠭ ᠤᠳ ᠮᠦᠨ᠃ ᠡ ᠭᠦᠨ ᠳ᠋ᠤ ᠡᠷᠲᠡᠨ ᠤ ᠰᠤᠷᠪᠤᠯᠵᠢ ᠪᠢᠴᠢᠭ ᠪᠠ ᠤᠳᠤ ᠦᠶ ᠠ ᠶᠢᠨ ᠠᠨᠠᠭᠠᠬᠤ ᠤᠬᠠᠭᠠᠨ ᠤ ᠰᠣᠳᠤᠯᠭᠠᠨ ᠤ ᠮᠡᠳᠡᠭᠡᠯᠡᠯ ᠢ ᠦᠨᠳᠦᠰᠦᠯᠡᠨ᠂ ᠭᠡᠦᠭᠡᠳ ᠤᠨ ᠪᠤᠳᠤᠩᠭᠤᠢᠷᠠᠯ ᠡᠪᠡᠳᠴᠢᠨ ᠤ ᠰᠢᠯᠲᠠᠭᠠᠨ ᠨᠦᠬᠦᠴᠡᠯ᠂ ᠰᠢᠨᠵᠢ ᠲᠡᠮᠳᠡᠭ ᠵᠢᠴᠢ ᠤᠨᠤᠰᠢᠯᠠᠯ ᠤᠨ ᠲᠤᠬᠠᠢ ᠬᠤᠷᠢᠶᠠᠩᠭᠤᠢᠯᠠᠨ ᠲᠠᠨᠢᠯᠴᠠᠭᠤᠯᠵᠤ᠂ ᠲᠤᠰ ᠡᠪᠤᠡᠳᠴᠢᠨ ᠢ ᠡᠮᠨᠡᠨ ᠵᠠᠰᠠᠬᠤ ᠳ᠋ᠤ ᠲᠤᠰᠠᠯᠠᠵᠤᠮ ᠪᠤᠯᠭᠠᠬᠤ ᠵᠢ ᠵᠤᠷᠢᠪᠠ᠃ |
Original Literature |
No Original Paper
|
出自 |
内蒙古民族大学学报(蒙医药学)
2020年
第1期
|