| Title | 
            《 ᠰᠢᠨᠠ ᠬᠡᠯᠪᠡᠷᠢ ᠶᠢᠨ ᠲᠢᠲᠢᠮᠯᠢᠭ ᠸᠢᠷᠦ᠋ᠰᠲᠤ ᠠᠭᠤᠰᠬᠢᠨ ᠤ ᠦᠷᠪᠢᠰᠦᠯ》 ᠤᠨ ᠲᠤᠬᠠᠢ ᠮᠣᠩᠭᠤᠯ ᠠᠨᠠᠭᠠᠬᠤ ᠤᠬᠠᠭᠠᠨ ᠤ ᠰᠣᠷᠪᠤᠯᠵᠢ ᠪᠢᠴᠢᠭ ᠤᠨ ᠰᠣᠳᠤᠯᠤᠯ | 
          
          
            | Creator | 
            ᠪᠤᠶᠤᠨᠲᠤ; ᠵᠤᠤ ᠪᠠᠢ ᠰᠦᠢ | 
          
          
            | Keyword | 
            ᠰᠢᠨᠠ ᠬᠡᠯᠪᠡᠷᠢ ᠶᠢᠨ ᠲᠢᠲᠢᠮᠯᠢᠭ ᠸᠷᠦ᠋ᠰ; ᠠᠭᠤᠰᠬᠢᠨ ᠦᠷᠪᠢᠰᠦᠯ; ᠮᠣᠩᠭᠤᠯ ᠠᠨᠠᠭᠠᠬᠤ ᠤᠬᠠᠭᠠᠨ; ᠬᠢᠵᠢᠭ ᠡᠪᠡᠳᠴᠢᠨ; ᠰᠤᠷᠪᠤᠯᠵᠢ ᠪᠢᠴᠢᠭ ᠤᠨ ᠰᠣᠳᠤᠯᠤᠯ | 
          
          
            | Abstract | 
            《 ᠰᠢᠨᠠ ᠬᠡᠯᠪᠡᠷᠢ ᠶᠢᠨ ᠲᠢᠳᠢᠯᠮᠢᠭ ᠸᠢᠷᠦ᠋ᠰᠲᠤ ᠠᠭᠤᠰᠬᠢᠨ ᠤ ᠦᠷᠪᠢᠰᠦᠯ》 ᠪᠤᠯ ᠮᠣᠩᠭᠤᠯ ᠠᠨᠠᠭᠠᠬᠤ ᠤᠬᠠᠭᠠᠨ ᠤ ᠨᠢᠶᠠᠨ ᠬᠢᠵᠢᠭ ᠡᠪᠡᠳᠴᠢᠨ ᠤ ᠬᠦᠷᠶ ᠠ ᠴᠠᠷ ᠠ ᠳ᠋ᠤᠪᠠᠭᠲᠠᠭᠳᠠᠬᠤ ᠬᠠᠯᠳᠠᠪᠤᠷᠢᠯᠠᠭ ᠤᠨᠢ ᠬᠢᠯᠪᠠᠷ᠂ ᠵᠠᠰᠠᠬᠤ ᠳ᠋ᠤ ᠬᠦᠴᠢᠷ ᠲᠠᠢ ᠨᠢᠭᠡᠨ ᠵᠦᠢᠯ ᠤᠨ ᠬᠢᠵᠢᠭ ᠡᠪᠡᠳᠴᠢᠨ ᠪᠤᠯᠤᠨᠠ᠃ ᠭᠡᠪᠡᠴᠦ ᠲᠤᠰ ᠡᠪᠡᠳᠴᠢᠨ ᠨᠢ  ᠮᠣᠩᠭᠤᠯ ᠠᠨᠠᠭᠠᠬᠤ ᠤᠬᠠᠭᠠᠨ ᠤ ᠬᠢᠵᠢᠭ ᠡᠪᠡᠳᠴᠢᠨ ᠳ᠋ᠤ ᠬᠢ ᠴᠣᠬᠤᠮ ᠠᠯᠢ ᠨᠢ ᠪᠤᠯᠬᠤ ᠵᠢ ᠬᠠᠷᠠᠬᠠᠨ ᠲᠤᠳᠤᠷᠬᠠᠢ ᠦᠭᠡᠢ ᠪᠠᠢᠭᠰᠠᠭᠠᠷ ᠶᠣᠮ᠃ ᠲᠤᠰ ᠦᠭᠦᠯᠡᠯ ᠳ᠋ᠤ ᠮᠣᠩᠭᠤᠯ ᠠᠨᠠᠭᠠᠬᠤ ᠤᠬᠠᠭᠠᠨ ᠤ ᠰᠤᠷᠪᠤᠯᠵᠢ ᠪᠢᠴᠢᠭ ᠤᠨ ᠰᠣᠳᠤᠯᠭᠠ ᠪᠡᠷ ᠲᠠᠮᠵᠢᠨ《 ᠰᠢᠨᠠ ᠲᠢᠲᠢᠮᠯᠢᠭ ᠠᠭᠤᠰᠬᠢᠨ ᠤ ᠦᠷᠪᠢᠰᠦᠯ》 ᠪᠤᠯ ᠮᠣᠩᠭᠤᠯ ᠠᠨᠠᠭᠠᠬᠤ ᠤᠬᠠᠭᠠᠨ ᠤ 《 ᠭᠤᠷᠪᠠᠨ ᠬᠠᠷ ᠠ ᠬᠤᠢᠯᠠᠷᠠᠭᠰᠠᠨ ᠬᠢᠵᠦᠭ ᠡᠪᠡᠳᠴᠢᠨ 》 ᠮᠦᠨ ᠭᠡᠳᠡᠭ ᠢ ᠲᠤᠳᠤᠷᠠᠭᠤᠯᠤᠭᠰᠠᠨ ᠪᠦᠭᠡᠳ ᠲᠡᠭᠦᠨ ᠢ ᠰᠢᠨᠵᠢᠯᠡᠨ ᠤᠨᠤᠰᠢᠯᠠᠵᠤ᠂ ᠰᠡᠷᠭᠡᠢᠢᠯᠡᠨ ᠵᠠᠰᠠᠬᠤ ᠤᠨᠤᠯ ᠡᠮᠴᠢᠯᠡᠭᠡᠨ ᠤ ᠶᠤᠰᠤ ᠵᠦᠢ ᠪᠠ ᠭᠠᠷ ᠠᠪᠤᠯᠭᠠ ᠵᠢ ᠲᠠᠢᠯᠪᠤᠷᠢᠯᠠᠨ ᠲᠠᠨᠢᠯᠴᠠᠭᠤᠯᠵᠤ᠂《ᠰᠢᠨᠠ ᠲᠢᠲᠢᠮᠯᠢᠭ ᠠᠭᠤᠰᠬᠢᠨ ᠤ ᠦᠷᠪᠢᠰᠦᠯ》 ᠢ ᠮᠣᠩᠭᠤᠯᠠᠨᠠᠭᠠᠬᠤ ᠤᠬᠠᠭᠠᠨ ᠢᠢᠡᠷ ᠭᠡᠷᠬᠢᠨ ᠰᠢᠨᠵᠢᠯᠡᠨ ᠲᠠᠨᠢᠵᠦ᠂ ᠰᠡᠷᠭᠡᠢᠢᠯᠡᠨ ᠵᠠᠰᠠᠬᠤ ᠲᠤᠬᠠᠢ ᠰᠢᠨᠠ ᠤᠨᠤᠯ ᠰᠡᠳᠬᠢᠬᠦᠢ ᠪᠠ ᠠᠨᠠᠭᠠᠬᠤ ᠠᠷᠭᠠ ᠵᠢ ᠬᠠᠩᠭᠠᠬᠤ ᠪᠡᠷ ᠵᠤᠷᠢᠯᠭᠠ ᠪᠤᠯᠭᠠᠵᠠᠢ᠃ | 
          
          
            | Original Literature | 
            
              
              No Original Paper
              
             | 
          
          
            | 出自 | 
            
              内蒙古民族大学学报(蒙医药学)
              2020年
              第1期
             |