Paper Information


Title ᠤᠷᠠᠯᠢᠭ ᠤᠨ ᠲᠤᠬᠠᠢ ᠱ · ᠠᠶᠤᠰᠢ ᠶᠢᠨ ᠦᠵᠡᠯ ᠤᠨᠤᠯᠳᠠ
Creator ᠰᠠᠷᠠᠩᠭ᠋ᠤᠣ᠎ᠠ
Keyword ᠱ · ᠠᠶᠤᠰᠢ; ᠤᠷᠠᠯᠢᠭ; ᠦᠵᠡᠯ
Abstract ᠵᠦᠴᠦᠬᠡ ᠶᠢᠨ ᠤᠨᠤᠯ ᠤᠨ ᠲᠠᠯ᠎ᠠ ᠪᠡᠷ ᠱ · ᠠᠶᠤᠰᠢ ᠨᠢ ᠮᠤᠩᠭ᠋ᠤᠯ ᠤᠷᠠᠨ ᠵᠤᠬᠢᠶᠠᠯ ᠤᠨ ᠲᠡᠦᠬᠡᠨ ᠳᠤ ᠤᠷᠢᠳ ᠡᠮᠦᠨ᠎ᠡ ᠭᠠᠷᠤᠭ᠎ᠠ ᠦᠭᠡᠢ ᠠᠮᠵᠢᠯᠳᠠ ᠶᠢ ᠤᠯᠤᠭᠰᠠᠨ ᠶᠤᠮ᠃ ᠱ · ᠠᠶᠤᠰᠢ ᠶᠢᠨ ᠤᠷᠠᠯᠢᠭ ᠤᠨ ᠲᠤᠬᠠᠢ ᠤᠨᠤᠯ ᠦᠵᠡᠯᠳᠡ ᠨᠢ ᠶᠠᠭᠤᠨ ᠤ ᠡᠮᠦᠨ᠎ᠡ᠂ ᠤᠷᠠᠯᠢᠭ ᠭᠡᠳᠡᠭ ᠤᠬᠠᠭᠳᠠᠬᠤᠨ ᠳᠤ ᠲᠡᠭᠦᠨ ᠤ ᠮᠦᠨ ᠴᠢᠨᠠᠷ ᠡᠴᠡ ᠨᠢ 《ᠤᠯᠠᠨ ᠬᠦᠮᠦᠰ ᠤᠨ ᠬᠠᠮᠳᠤ ᠶᠢᠨ ᠬᠦᠳᠡᠯᠮᠦᠷᠢ ᠶᠢᠨ ᠪᠦᠳᠦᠭᠡᠯ ᠮᠦᠷᠳᠡᠭᠡᠨ ᠠᠩᠭᠢᠴᠢ ᠴᠢᠨᠠᠷ ᠲᠠᠢ᠂ ᠦᠨᠳᠦᠰᠦᠳᠡᠨ ᠤ ᠰᠢᠨᠵᠢ ᠲᠠᠢ》ᠭᠡᠵᠦ ᠲᠤᠳᠤᠷᠬᠠᠢ᠌ᠯᠠᠯᠳᠠ ᠬᠢᠬᠦ ᠶᠢᠨ ᠬᠠᠮᠳᠤ ᠲᠡᠷᠡ ᠪᠠᠰᠠ ᠤᠷᠠᠨ ᠰᠠᠢ᠌ᠬᠠᠨ ᠤ ᠰᠤᠷᠭᠠᠨ ᠬᠦᠮᠦᠵᠢᠭᠦᠯᠬᠦ ᠦᠢᠯᠡᠳᠦᠯ ᠢ ᠤᠯᠠᠵᠤ ᠲᠠᠨᠢᠭᠰᠠᠨ ᠪᠠᠢ᠌ᠨ᠎ᠠ᠃ ᠲᠠᠷᠠᠭ᠎ᠠ ᠨᠢ᠂ ᠤᠷᠠᠯᠢᠭ ᠢ ᠪᠦᠳᠦᠭᠡᠭ᠍ᠳᠡᠭᠰᠡᠨ ᠡᠬᠢ ᠰᠤᠷᠪᠤᠯᠵᠢ ᠪᠠ ᠦᠢᠯᠡᠳᠦᠯ ᠡᠴᠡ ᠨᠢ ᠲᠤᠳᠤᠷᠬᠠᠢ᠌ᠯᠠᠬᠤ ᠪᠡᠷ ᠤᠷᠤᠯᠳᠤᠭᠰᠠᠨ ᠮᠦᠷᠳᠡᠭᠡᠨ ᠤᠷᠠᠨ ᠰᠠᠢ᠌ᠬᠠᠨ ᠤ ᠬᠠᠷᠢᠶᠠᠯᠠᠭᠳᠠᠬᠤ ᠰᠢᠨᠵᠢ ᠪᠤᠯᠬᠤ ᠭᠤᠣ᠎ ᠎ᠠ ᠲᠠᠭᠠᠰᠢᠶᠠᠬᠤᠢ ᠶᠢᠨ ᠤᠨᠴᠠᠯᠢᠭ ᠦᠢᠯᠡᠳᠦᠯ ᠢ ᠨᠢ ᠭᠠᠷᠭᠠᠬᠤ ᠪᠡᠷ ᠴᠢᠷᠮᠠᠢ᠌ᠵᠠᠢ᠃ ᠬᠠᠮᠤᠭ ᠰᠡᠭᠦᠯ ᠳᠤᠨᠢ ᠲᠡᠷᠡ ᠤᠷᠠᠯᠢᠭ ᠢ ᠲᠦᠷᠦᠯᠵᠢᠭᠦᠯᠬᠦ ᠭᠡᠵᠦ ᠤᠷᠤᠯᠳᠤᠭᠰᠠᠨ ᠪᠠᠢ᠌ᠪᠠ᠃
Original Literature View Original Paper
出自 中国蒙古学 2012年 第1期

联系我们


内蒙古大学图书馆
呼和浩特市大学西路235号
中国·内蒙古
P: (0471) 4992561
E: huangfeilong@imu.edu.cn