Paper Information


Title ᠤᠭᠰᠠᠭᠠᠲᠠᠨ ᠵᠦᠢ ᠶᠢᠨ ᠬᠠᠷᠭᠠᠰᠤ ᠡᠴᠡ ᠬᠤᠷᠴᠢᠨ ᠮᠣᠩᠭᠤᠯᠴᠤᠳ ᠤᠨ ᠵᠢᠯ ᠤᠨ ᠪᠡᠯᠡᠭ ᠤᠨ ᠤᠯᠠᠷᠢᠯ ᠬᠤᠪᠢᠷᠠᠯ ᠢ ᠰᠢᠨᠵᠢᠯᠡᠬᠦ ᠨᠢ
Creator ᠰᠠᠷᠠᠭᠤᠯ; ᠦᠷᠡᠲᠤᠭᠲᠠᠬᠤ
Keyword ᠵᠢᠯ ᠤᠷᠤᠬᠤ ᠶᠣᠰᠤᠨ; ᠵᠢᠯ ᠤᠨ ᠪᠡᠯᠡᠭ; ᠪᠡᠯᠡᠭ ᠤᠨ ᠤᠭ ᠤᠳᠬ ᠠ; ᠤᠯᠠᠷᠢᠯ ᠬᠤᠪᠢᠷᠠᠯ; ᠰᠢᠯᠲᠠᠭᠠᠨ
Abstract ᠵᠢᠯ ᠤᠨᠪᠡᠯᠡᠭ ᠭᠡᠳᠡᠭ ᠨᠢ ᠵᠢᠯ ᠤᠷᠤᠭᠤᠯᠬᠤ ᠬᠦᠮᠦᠨ ᠡᠴᠡ ᠵᠢᠯ ᠤᠷᠤᠭᠰᠠᠨ ᠬᠦᠮᠦᠨ ᠳ᠋ᠤ ᠬᠦᠷᠭᠡᠭᠰᠡᠨ ᠵᠢᠯ ᠤᠨᠪᠠᠶᠠᠷ ᠢ ᠨᠢ ᠪᠡᠯᠭᠡᠳᠡᠭᠰᠡᠨ ᠪᠡᠯᠡᠭ ᠰᠠᠯᠲᠠ ᠶᠢᠨ ᠵᠦᠢᠯ ᠪᠤᠯᠤᠨ᠎ᠠ᠃ ᠲᠡᠷᠡᠨᠢ ᠵᠢᠯ ᠤᠷᠤᠬᠤ᠂ ᠵᠢᠯ ᠤᠨ ᠲᠦᠷᠦᠯ ᠵᠦᠢᠯ᠂ ᠵᠢᠯ ᠤᠨ ᠭᠠᠵ ᠵᠡᠷᠭᠡ ᠲᠠᠢ ᠬᠠᠮᠲᠤ ᠪᠡᠷ ᠵᠢᠯ ᠤᠷᠤᠬᠤ ᠶᠤᠰᠤᠨ ᠤ ᠴᠢᠬᠤᠯᠠ ᠠᠭᠤᠯᠭ᠎ᠠ ᠪᠤᠯᠵᠤ ᠪᠠᠢᠳᠠᠭ᠃ ᠵᠢᠯ ᠤᠷᠤᠬᠤ ᠶᠠᠰᠤ ᠨᠢ ᠮᠣᠩᠭᠤᠯᠴᠤᠳ ᠤᠨ ᠵᠠᠩ ᠦᠢᠯᠡ ᠶᠢᠨ ᠨᠢᠭᠡᠨ ᠴᠢᠬᠤᠯᠠ ᠪᠦᠷᠢᠯᠳᠦᠬᠦᠨ ᠪᠤᠯᠵᠤ ᠤᠳᠤ ᠪᠤᠯᠳᠠᠯ ᠠ ᠤᠯᠠᠮᠵᠢᠯᠠᠭᠳᠠᠭᠰᠠᠭᠠᠷ ᠢᠷᠡᠭᠰᠡᠨ ᠶᠣᠮ᠃ ᠭᠡᠪᠡᠴᠦ ᠨᠡᠢᠭᠡᠮ ᠠᠵᠤ ᠠᠬᠤᠢ ᠶᠢᠨ ᠬᠦᠭᠵᠢᠯᠲᠡ᠂ ᠠᠮᠢᠳᠤᠷᠠᠯ ᠤᠨ ᠠᠷᠭ᠎ᠠ ᠮᠠᠶᠢᠭ ᠤᠨ ᠬᠤᠪᠢᠷᠠᠯᠲᠠ᠂ ᠦᠵᠡᠯᠲᠡ ᠲᠠᠨᠢᠯᠲᠠ ᠵᠡᠷᠭᠡ ᠵᠢ ᠲᠠᠭᠠᠯᠳᠤᠨ᠂ ᠡᠨᠡ ᠬᠦ ᠤᠯᠠᠮᠵᠢᠯᠠᠯᠲᠤ ᠵᠠᠩ ᠦᠢᠯᠡ ᠶᠢᠨ ᠠᠭᠤᠯᠭ᠎ᠠ ᠪᠠ ᠬᠡᠯᠪᠡᠷᠢ ᠳ᠋ᠤ ᠲᠤᠩ ᠶᠡᠬᠡ ᠬᠤᠪᠢᠷᠠᠯᠲ ᠠᠭᠠᠷᠴᠦ ᠪᠤᠢ᠃ ᠡᠭᠦᠨ ᠤ ᠤᠭᠰᠠᠭᠠᠲᠠᠨ ᠵᠦᠢ ᠶᠢᠨ ᠬᠠᠮᠢᠶ ᠠ ᠪᠦᠬᠦᠢ ᠤᠨᠤᠯ ᠪᠠ ᠮᠡᠳᠡᠯᠭᠡ ᠵᠢ ᠠᠰᠢᠭᠯᠠᠨ ᠵᠠᠳᠠᠯᠬᠤ ᠨᠢ ᠮᠣᠩᠭᠤᠯᠴᠤᠳ ᠤᠨ ᠤᠯᠠᠮᠵᠢᠯᠠᠯᠲᠤ ᠵᠢᠯ ᠤᠷᠤᠬᠤ ᠶᠤᠰᠤᠨ ᠤ ᠰᠣᠳᠤᠯᠤᠯ ᠢ ᠪᠠᠶᠠᠯᠢᠭᠵᠢᠭᠤᠯᠬᠤ ᠪᠤᠯᠤᠨ᠎ᠠ᠃
Original Literature View Original Paper
出自 内蒙古师范大学学报 2021年 第1期

联系我们


内蒙古大学图书馆
呼和浩特市大学西路235号
中国·内蒙古
P: (0471) 4992561
E: huangfeilong@imu.edu.cn