Paper Information


Title ᠬᠤᠰᠤᠳ ᠢᠵᠠᠭᠤᠷᠲᠠᠳ ᠤᠨ ᠤᠳᠤᠮ ᠭᠠᠷᠪᠠᠯᠢ᠂ ᠤᠪᠤᠭ ᠶᠠᠰᠤ ᠶᠢᠨ ᠲᠤᠬᠠᠢ ᠰᠢᠨ᠎ᠠ ᠮᠦᠷᠲᠡᠯᠲᠡ
Creator ᠬᠤᠷᠴᠠ
Keyword ᠬᠤᠰᠤᠳ ᠢᠵᠠᠭᠤᠷᠲᠠᠳ; ᠤᠳᠤᠮ ᠭᠠᠷᠪᠠᠯᠢ; ᠤᠪᠤᠭ ᠶᠠᠰᠤ
Abstract ᠦᠭᠦᠯᠡᠯ ᠳ᠋ᠦ ᠲᠦᠷᠪᠡᠨ ᠤᠢᠷᠠᠳ ᠤᠨ ᠨᠢᠭᠡ ᠪᠤᠯᠬᠤ ᠬᠤᠱᠤᠳ ᠠᠢᠮᠠᠭ ᠤᠨ ᠤᠲᠤᠮ ᠭᠠᠷᠪᠠᠯᠢ᠂ ᠤᠪᠤᠭ ᠶᠠᠰᠤ ᠶᠢᠨ ᠲᠤᠬᠠᠢ 17-19ᠳ᠋ᠤᠭᠡᠷ ᠵᠠᠭᠤᠨ ᠳ᠋ᠤ ᠪᠢᠴᠢᠭᠳᠡᠭᠰᠡᠨ ᠤᠢᠭᠤᠷᠵᠢᠨ ᠂ ᠲᠤᠳᠤ ᠮᠣᠩᠭᠤᠯ ᠪᠢᠴᠢᠭ ᠤᠨ ᠰᠤᠷᠪᠤᠯᠵᠢᠢᠰ ᠪᠠ ᠬᠢᠲᠠᠳ᠂ ᠲᠦᠪᠡᠳ ᠬᠡᠯᠡᠨ ᠤ ᠰᠤᠷᠪᠤᠯᠵᠢᠰ ᠲᠤ ᠲᠡᠮᠳᠡᠭᠯᠡᠭᠰᠡᠨ ᠬᠠᠮᠢᠶ ᠠ ᠪᠦᠬᠦᠢ ᠤᠭ ᠤᠨ ᠪᠢᠴᠢᠭ ᠪᠠ ᠲᠡᠭᠦᠨ ᠤ ᠲᠤᠬᠠᠢ ᠬᠤᠵᠢᠮ ᠤᠨ ᠬᠦᠮᠦᠰ ᠤᠨ ᠰᠢᠨᠵᠢᠯᠡᠭᠡᠨ ᠢ ᠬᠠᠷᠢᠴᠠᠭᠤᠯᠤᠨ ᠰᠢᠨᠵᠢᠯᠡᠭᠰᠡᠨ ᠰᠠᠭᠤᠷᠢᠨ ᠳ᠋ᠤ ᠬᠤᠱᠤᠳ ᠨᠤᠶᠠᠳ ᠤᠨ ᠲᠡᠭᠡᠳᠦᠰ ᠨᠢ ᠴᠢᠩᠬᠢᠰ ᠬᠠᠭᠠᠨ ᠤ ᠲᠡᠭᠦᠦ ᠬᠠᠪᠤᠲᠤ ᠬᠠᠰᠠᠷ ᠤᠨ ᠬᠤᠶᠠᠳᠤᠭᠠᠷ ᠬᠦᠪᠡᠭᠦᠨ ᠶᠢᠰᠤᠩᠬᠡ ᠶᠢᠨ ᠬᠤᠢᠴᠢᠰ ᠪᠤᠰᠤ ᠬᠠᠷᠢᠨ ᠬᠠᠰᠠᠷ ᠤᠨ ᠤᠳᠬᠤᠨ ᠬᠦᠪᠡᠭᠦᠨᠲᠤᠬᠤ ᠶᠢᠨ ᠬᠤᠢᠴᠢᠰ᠂ ᠪᠤᠷᠵᠢᠬᠢᠨ ᠤᠪᠤᠭ ᠲᠠᠢ᠃ ᠴᠢᠩ ᠤᠤᠯᠰ ᠤᠨ ᠦᠶ ᠠᠶᠢᠨ ᠲᠤᠳᠤ᠂ ᠮᠣᠩᠭᠤᠯ ᠪᠡ ᠲᠦᠪᠡᠳ ᠰᠤᠷᠪᠤᠯᠵᠢᠰ ᠲᠤ ᠲᠡᠮᠳᠡᠭᠯᠡᠭᠰᠡᠨ ᠬᠤᠱᠤᠳ ᠢᠵᠡᠭᠤᠷᠲᠠᠨ ᠤ ᠤᠪᠤᠭ ᠪᠤᠯᠬᠤ《 ᠭᠠᠯᠭᠠᠰ》 ᠨᠢ 《 ᠭᠠᠯᠠ 》 ᠪᠠ 《ᠬᠢᠶᠰ》 ᠭᠡᠬᠦ ᠬᠤᠶᠠᠷ ᠦᠭᠡ ᠬᠤᠯᠪᠤᠵᠦ ᠪᠦᠲᠦᠭᠰᠡᠨ ᠨᠡᠷ ᠠ ᠦᠭᠡ᠂ ᠡᠭᠦᠨ ᠳ᠋ᠤ《 ᠭᠠᠯ》 ᠭᠡᠳᠡᠭ ᠨᠢ ᠤᠳᠬᠤᠨ ᠬᠦᠪᠡᠭᠦᠨ ᠲᠤᠬᠤ ᠶᠢᠨ ᠬᠤᠴᠢᠰ ᠪᠤᠯᠬᠤ ᠵᠢ ᠢᠯᠡᠳᠭᠡᠵᠦ᠂ 《 ᠬᠢᠶᠠᠰ》 ᠭᠡᠳᠡᠭ ᠨᠢ ᠴᠢᠩᠬᠢᠰ ᠬᠠᠭᠠᠨ ᠤ ᠬᠤᠪᠤᠲᠤ ᠬᠠᠰᠠᠷ ᠤᠨ ᠤᠲᠤᠮ ᠭᠠᠷᠪᠠᠯᠢ ᠪᠤᠯᠬᠤ 《 ᠬᠢᠶᠠᠳ》 ᠶᠠᠰᠤ ᠭᠡᠳᠡᠭ ᠦᠵᠡᠯᠲᠡ ᠵᠢ ᠢᠯᠡᠳᠭᠡᠵᠡᠢ ᠭᠡᠳᠡᠭ ᠦᠵᠡᠯᠲᠡ ᠵᠢ ᠲᠡᠪᠰᠢᠭᠦᠯᠵᠡᠢ᠃
Original Literature View Original Paper
出自 内蒙古师范大学学报 2021年 第1期

联系我们


内蒙古大学图书馆
呼和浩特市大学西路235号
中国·内蒙古
P: (0471) 4992561
E: huangfeilong@imu.edu.cn