Paper Information


Title ᠬᠤᠭᠤᠷ ᠤᠨ ᠦᠯᠢᠭᠡᠷ ᠤᠨ ᠤᠯᠠᠮᠵᠢᠯᠠᠭ᠎ᠠ  ᠶᠢᠨ ᠨᠢᠭᠡᠨ ᠲᠤᠮᠤ ᠤᠷᠤᠨ
Creator ᠪᠤᠤ ᠵᠢᠨ ᠭᠠᠩ
Keyword ᠬᠤᠭᠤᠷ ᠤᠨ ᠦᠯᠢᠭᠡᠷ; ᠤᠯᠠᠮᠵᠢᠯᠠᠭ᠎ᠠ; ᠵᠠᠷᠤᠳ ᠤᠷᠤᠨ
Abstract ᠵᠠᠷᠤᠳ ᠤᠷᠤᠨ ᠳ᠋ᠤ ᠶᠡᠬᠡ ᠲᠦᠯᠦᠪ 19ᠳ᠋ᠤᠭᠡᠷ ᠵᠠᠭᠤᠨᠤ ᠡᠬᠢᠨ ᠤ ᠦᠶ ᠠ ᠪᠡᠷ ᠬᠤᠭᠤᠷ ᠤᠨ ᠦᠯᠢᠭᠡᠷ ᠲᠠᠷᠬᠠᠨ ᠤᠯᠠᠮᠵᠢᠯᠠᠭᠳᠠᠵᠤ ᠤᠳᠤ ᠨᠢᠭᠡᠨᠲᠡ ᠬᠤᠶᠠᠷ ᠵᠠᠭᠤ ᠭᠠᠷᠤᠢ ᠵᠢᠯ ᠤᠨ ᠲᠡᠦᠭᠡ ᠵᠢ ᠦᠩᠭᠡᠷᠡᠬᠦᠯᠵᠦ ᠪᠠᠢᠨ᠎ᠠ᠃ ᠡᠨᠡ ᠬᠦ ᠤᠷᠲᠤ ᠤᠳᠠᠭᠠᠨ ᠵᠢᠯ ᠤᠨ ᠬᠤᠭᠤᠷᠤᠨᠲᠤ ᠲᠤᠰ ᠤᠷᠤᠨ ᠳ᠋ᠤ ᠪᠢᠰᠢᠬᠦᠢ ᠤᠯᠠᠨ ᠬᠤᠭᠤᠷᠴᠢᠳ ᠴᠤᠭᠯᠠᠷᠠᠨ ᠭᠠᠷᠴᠤ᠂ ᠬᠤᠭᠤᠷ ᠤᠨ ᠦᠯᠢᠭᠡᠷ ᠬᠡᠮᠡᠬᠦ ᠠᠮᠠᠨ ᠤᠯᠠᠮᠵᠢᠯᠠᠯ ᠶᠢᠨ ᠦᠶ ᠠ ᠶᠢᠨ ᠦᠶ ᠠ ᠳ᠋ᠤ ᠪᠠᠨ ᠤᠯᠠᠮᠵᠢᠯᠠᠵᠦ ᠦᠨᠦᠲᠦᠷ ᠲᠦ ᠬᠦᠷᠦ ᠢᠷᠡᠵᠡᠢ᠃ᠬᠡᠯᠳᠡᠩᠳᠤᠭᠠᠷ᠂ ᠴᠤᠢᠪᠠᠩ ᠵᠡᠷᠭᠡ ᠬᠤᠭᠤᠷᠴᠢ ᠡᠴᠡ ᠣᠳᠤ ᠪᠤᠯᠲᠠᠯᠠᠬᠢ ᠵᠠᠭᠤ ᠢᠯᠡᠭᠦᠦ ᠵᠢᠯ  ᠢᠢᠡᠷ ᠠᠪᠤᠭᠠᠳ ᠦᠵᠡᠭᠰᠡᠨ ᠴᠦ ᠵᠠᠷᠤᠳ ᠤᠷᠤᠨ ᠤ ᠬᠤᠭᠤᠷᠴᠢᠳ ᠨᠢ ᠠᠨᠠᠭᠲᠤ ᠵᠠᠬ᠎ᠠ ᠳ᠋ᠤ ᠪᠠᠨ ᠲᠤᠯᠤᠭᠠᠨ ᠦᠶ ᠠ ᠪᠤᠯᠵ ᠤᠤᠯᠠᠷᠢᠨ ᠭᠦᠭᠵᠢᠵᠦ ᠢᠷᠡᠭᠰᠡᠨ ᠶᠣᠮ᠃ ᠲᠡᠳᠡᠭᠡᠷ ᠤᠯᠠᠨ ᠦᠶ ᠠ ᠶᠢᠨ ᠬᠤᠭᠤᠷᠴᠢᠳ ᠤᠯᠠᠨ ᠵᠦᠢᠯ ᠤᠨ ᠦᠢᠭᠡᠷ ᠢ ᠬᠤᠭᠤᠷᠲᠠᠨ ᠬᠡᠯᠡᠵᠦ᠂ ᠨᠢᠭᠡ ᠲᠠᠯ ᠠ ᠪᠡᠷ ᠦᠷᠭᠡᠨ ᠤᠯᠠᠨ ᠰᠣᠨᠤᠰᠤᠭᠴᠢᠳ  ᠤᠨ  ᠢᠢᠡᠨ ᠲᠤᠷᠠ ᠰᠣᠨᠢᠷᠬᠠᠯ ᠢ ᠨᠢ ᠬᠠᠩᠭᠠᠵᠤ᠂ ᠨᠦᠬᠦᠭᠡ ᠲᠠᠯ ᠠ ᠪᠡᠷ ᠤᠷᠤᠨᠨᠤᠲᠤᠭ ᠤᠨ ᠣᠨᠴᠠᠯᠢᠭ ᠲᠠᠢ ᠬᠤᠭᠤᠷ ᠤᠨ ᠦᠯᠢᠭᠡᠷ ᠤᠨᠵᠠᠷᠤᠳ ᠤᠷᠤᠨ ᠤ ᠢᠭᠦᠳᠦᠨ ᠪᠦᠲᠦᠭᠡᠪᠡ᠃ ᠲᠤᠰ ᠤᠷᠤᠨ ᠳ᠋ᠡᠬᠢ ᠬᠤᠭᠤᠷ ᠤᠨ ᠦᠯᠢᠭᠡᠷ ᠤᠨ ᠣᠨᠴᠠᠯᠢᠭ ᠨᠢ ᠭᠤᠤᠯᠳᠠᠭᠤ ᠪᠠᠭᠠᠲᠤᠷ ᠤᠨ ᠲᠤᠤᠯᠢ ᠶᠢᠨ ᠦᠨᠦᠷ ᠠᠮᠲᠠ ᠪᠡᠷ ᠦᠳᠭᠡᠨ᠂ ᠬᠤᠯᠪᠤᠭ᠎ᠠ ᠤᠷᠠᠯᠢᠭ ᠬᠦᠭ ᠠᠶᠠᠰ ᠢᠢᠡᠷ ᠬᠦᠨ᠂ ᠴᠡᠪᠡᠷ ᠪᠦᠭᠡᠳ ᠪᠠᠶᠠᠯᠢᠭ ᠬᠡᠯᠡ ᠬᠡᠯᠡᠯᠭᠡ ᠲᠠᠢ ᠪᠠᠢᠭ᠎ᠠ ᠳ᠋ᠤ ᠢᠯᠡᠷᠡᠵᠦ ᠪᠤᠢ᠃
Original Literature View Original Paper
出自 内蒙古师范大学学报 2021年 第1期

联系我们


内蒙古大学图书馆
呼和浩特市大学西路235号
中国·内蒙古
P: (0471) 4992561
E: huangfeilong@imu.edu.cn