Abstract |
ᠢᠷᠭᠡᠨ ᠤᠤᠯᠰ ᠤᠨ ᠦᠶ ᠠ ᠶᠢᠨ ᠵᠤᠬᠢᠶᠠᠯᠴᠢ ᠨᠢᠮ᠎ᠠ ᠪᠤᠯ ᠲᠤᠬᠠᠢ ᠶᠢᠨ ᠦᠶ ᠠ ᠶᠢᠨ ᠮᠣᠨᠭᠤᠯ ᠦᠨᠳᠦᠰᠦᠲᠡᠨ ᠤᠲᠠᠪᠰᠢᠯᠲᠤ ᠰᠡᠭᠡᠭᠡᠲᠡᠳ ᠤᠨ ᠨᠢᠭᠡᠨ ᠲᠦᠯᠦᠭᠡᠯᠡᠭᠴᠢ ᠪᠤᠯᠤᠨ᠎ᠠ᠃ ᠨᠢᠮ᠎ᠠ ᠶᠢᠨ ᠵᠤᠬᠢᠶᠠᠯ ᠪᠦᠲᠦᠭᠡᠯ ᠭᠤᠤᠯᠳᠠᠭᠤ《 ᠬᠦᠭᠡ ᠲᠤᠭ》 ᠰᠣᠨᠢᠨ ᠤ 1941 ᠪᠠ 194ᠣᠨ ᠤ ᠳ᠋ᠤᠭᠠᠷ ᠤᠳ ᠲᠤ ᠨᠡᠢᠲᠡᠯᠡᠭᠳᠡᠵᠦ ᠪᠠᠢᠵᠠᠢ᠃ ᠲᠡᠭᠦᠨ ᠤ ᠰᠢᠯᠦᠭ ᠤᠨ ᠤᠳᠬ ᠠ ᠶᠢᠨ ᠬᠠᠨᠳᠤᠯᠭ᠎ᠠ ᠵᠢ ᠬᠤᠪᠢ ᠵᠠᠶᠠᠭᠠᠨ ᠤ ᠲᠦᠯᠦᠭᠡᠬᠢ ᠰᠠᠨᠠᠭᠠᠰᠢᠷᠠᠯ᠂ ᠬᠠᠢᠷ ᠠ ᠲᠤᠷᠠᠯᠠᠯ ᠤᠨ ᠲᠤᠬᠠᠢ ᠮᠦᠷᠦᠭᠡᠳᠦᠯ᠂ ᠡᠷᠭᠡ ᠴᠢᠯᠦᠭᠡᠨ ᠤ ᠲᠦᠯᠦᠭᠡᠬᠢ ᠤᠷᠢᠶᠠᠯᠠᠯ ᠭᠡᠬᠦ ᠭᠤᠷᠪᠠᠨ ᠲᠠᠯ ᠠ ᠪᠡᠷ ᠵᠠᠳᠠᠯᠤᠨ ᠲᠠᠢᠯᠪᠤᠷᠢᠯᠠᠵᠤ ᠪᠤᠯᠤᠨ᠎ᠠ᠃ ᠲᠡᠭᠦᠨ ᠤ ᠪᠴᠢᠭᠰᠡᠨ ᠨᠠᠢᠷᠠᠭᠤᠯᠤᠯ ᠤᠳ ᠨᠢ ᠲᠡᠦᠭᠡᠲᠦ ᠰᠢᠨᠵᠢ᠂ ᠠᠬᠤᠢᠴᠢ ᠰᠢᠨᠵᠢ᠂ ᠰᠡᠩᠭᠡᠷᠡᠬᠦᠯᠦᠯ ᠤᠨ ᠰᠢᠨᠵᠢ ᠭᠡᠬᠦ ᠭᠤᠷᠪᠠᠨ ᠦᠨᠳᠦᠰᠦᠨ ᠰᠢᠨᠵᠢ ᠵᠢ ᠬᠠᠳᠠᠭᠠᠯᠠᠭᠰᠠᠨ ᠪᠠᠢᠳᠠᠭ᠃ |