Title |
ᠮᠣᠩᠭᠤᠯ ᠪᠠᠭ᠎ᠠ ᠰᠤᠷᠭᠠᠭᠤᠯᠢ ᠶᠢᠨ 《 ᠬᠡᠯᠡ ᠪᠢᠴᠢᠭ》 ᠰᠤᠷᠬᠤ ᠪᠢᠴᠢᠭ ᠲᠡᠬᠢ ᠲᠠᠩ ᠦᠭᠡᠰ ᠤᠨ ᠲᠤᠬᠠᠢ ᠮᠦᠴᠢᠳ ᠦᠭᠦᠯᠡᠬᠦ ᠨᠢ |
Creator |
ᠭᠡᠭᠡᠨᠲᠤᠶᠠᠭ᠎ᠠ |
Keyword |
ᠮᠣᠩᠭᠤᠯ ᠬᠡᠯᠡ ᠪᠢᠴᠢᠭ; ᠪᠠᠭ᠎ᠠ ᠰᠤᠷᠭᠠᠭᠤᠯᠢ; 《 ᠬᠡᠯᠡ ᠪᠢᠴᠢᠭ》; ᠰᠤᠷᠬᠤ ᠪᠢᠴᠢᠭ; ᠲᠠᠩ ᠦᠭᠡ; ᠦᠭᠡᠰ ᠤᠨ ᠠᠢᠮᠠᠭ |
Abstract |
ᠮᠣᠩᠭᠤᠯ 《 ᠬᠡᠯᠡ ᠪᠢᠴᠢᠭ》 ᠤᠨ ᠰᠤᠷᠬᠤ ᠪᠢᠴᠢᠭ ᠢ ᠨᠠᠢᠷᠠᠭᠤᠯᠤᠨ ᠪᠢᠴᠢᠬᠦ ᠨᠢ ᠮᠣᠩᠭᠤᠯ ᠦᠨᠳᠦᠰᠦᠲᠡᠨ ᠤ ᠰᠣᠶᠣᠯ᠂ ᠰᠤᠷᠭᠠᠨ ᠬᠦᠮᠦᠵᠢᠯ᠂ ᠠᠯᠤᠰ ᠢᠷᠡᠭᠡᠳᠦᠢ ᠲᠠᠢ ᠬᠤᠯᠪᠤᠭᠳᠠᠬᠤ ᠴᠢᠬᠤᠯᠠ ᠠᠵᠢᠯ ᠪᠤᠯᠬᠤ ᠨᠢ ᠭᠠᠷᠴᠠᠭ᠎ᠠ ᠦᠭᠡᠢ᠃ ᠤᠳᠤᠬᠠᠨ ᠳ᠋ᠤ ᠬᠡᠷᠡᠭᠯᠡᠵᠦ ᠪᠠᠢᠭ᠎ᠠ ᠮᠣᠩᠭᠤᠯ ᠢᠢᠡᠷ ᠬᠢᠴᠢᠶᠡᠯᠯᠡᠬᠦ ᠪᠠᠭ᠎ᠠ ᠰᠤᠷᠭᠠᠭᠤᠯᠢ ᠶᠢᠨ 《 ᠬᠡᠯᠡ ᠪᠢᠴᠢᠭ》 ᠤᠨ ᠰᠤᠷᠬᠤ ᠪᠢᠴᠢᠭ ᠢᠢᠡᠷ ᠰᠣᠳᠤᠯᠤᠭᠳᠠᠬᠤᠨ ᠪᠤᠯᠭᠠᠵᠤ᠂ ᠲᠠᠩ ᠦᠭᠡᠰ ᠢ ᠪᠦᠷᠢᠳᠭᠡᠯ ᠵᠠᠳᠠᠯᠵᠤ ᠦᠵᠡᠬᠦ ᠳ᠋ᠤ ᠲᠠᠩ ᠦᠭᠡ ᠶᠢᠨ ᠰᠤᠷᠬᠤ ᠲᠤᠭ᠎ᠠ ᠭᠡᠮᠵᠢᠶ ᠠ 《 ᠪᠠᠷᠢᠮᠵᠢᠶ ᠠ》 ᠯᠤᠭ᠎ᠠ ᠵᠦᠷᠢᠶ ᠠ ᠲᠠᠢ ᠪᠠᠢᠬᠤ ᠵᠠᠷᠢᠮ ᠬᠢᠴᠢᠶᠡᠯ ᠳ᠋ᠤ ᠤᠯᠠᠨ ᠦᠶ ᠠ ᠲᠠᠢ ᠲᠠᠩ ᠦᠭᠡ ᠤᠷᠤᠭᠰᠠᠨ᠂ ᠨᠢᠭᠡᠳᠦᠭᠡᠷ ᠤᠨ ᠤ ᠲᠡᠭᠡᠳᠦ ᠲᠡᠪᠲᠡᠷ ᠤᠨ ᠠᠭᠤᠯᠭ᠎ᠠ ᠬᠦᠨᠳᠦ ᠪᠠᠢᠬᠤ᠂ ᠦᠢᠯᠡ ᠦᠭᠡ ᠶᠢᠨ ᠰᠤᠷᠬᠤ ᠠᠭᠤᠯᠭ᠎ᠠ ᠵᠢ 《 ᠪᠠᠷᠢᠮᠵᠢᠶ ᠠ》 ᠳ᠋ᠤ ᠲᠤᠭᠲᠠᠭᠠᠭᠰᠠᠨ ᠦᠭᠡᠢ᠂ ᠬᠢᠴᠢᠶᠡᠯ ᠳ᠋ᠤ ᠪᠤᠷᠤᠭᠤ ᠦᠰᠦᠭ ᠢᠯᠡᠷᠭᠰᠡᠨ ᠭᠡᠬᠦ ᠵᠡᠷᠭᠡ ᠠᠰᠠᠭᠤᠳᠠᠯ ᠤᠷᠤᠰᠢᠵᠤ ᠪᠠᠢᠨ᠎ᠠ᠃ |
Original Literature |
View Original Paper
|
出自 |
中国蒙古学
2020年
第6期
|