Title |
ᠹᠠᠱᠱᠠᠨ ᠤ《ᠼᠦᠨ ᠰᠦ ᠲᠠᠩ ᠲᠠᠩᠬᠢᠮ ᠤᠨ ᠵᠤᠬᠢᠶᠠᠯ ᠤᠨ ᠬᠤᠷᠢᠶᠠᠩᠭᠤᠢ》 ᠶᠢᠨ ᠵᠤᠬᠢᠶᠠᠨ ᠪᠦᠲᠦᠭᠡᠬᠦ ᠣᠨᠴᠠᠯᠢᠭ ᠢ ᠰᠢᠨᠵᠢᠬᠦ ᠨᠢ |
Creator |
ᠰᠤᠯᠤᠩᠭᠤᠤ ᠠ |
Keyword |
ᠹᠠᠱᠱᠠᠨ;《ᠼᠦᠨ ᠰᠦ ᠲᠠᠩ ᠲᠠᠩᠬᠢᠮ ᠵᠤᠬᠢᠶᠠᠯ ᠤᠨ ᠬᠤᠷᠢᠶᠠᠩᠭᠤᠢ》; ᠤᠵᠬᠢᠶᠠᠨ ᠪᠦᠲᠦᠭᠡᠬᠦ; ᠣᠨᠴᠠᠯᠢᠭ |
Abstract |
ᠦᠭᠦᠯᠡᠯ ᠳ᠋ᠤ ᠹᠠᠱᠱᠠᠨ ᠤ 《 ᠼᠦᠨ ᠰᠦ ᠲᠠᠩ ᠲᠠᠩᠬᠢᠮ ᠤᠨ ᠵᠤᠬᠢᠶᠠᠯ ᠤᠨ ᠬᠤᠷᠢᠶᠠᠩᠭᠤᠢ》 ᠪᠦᠲᠦᠭᠡᠯ ᠤᠨ ᠵᠤᠬᠢᠶᠠᠨ ᠪᠦᠲᠦᠭᠡᠭᠰᠡᠨ ᠣᠨᠴᠠᠯᠢᠭ ᠬᠢᠭᠡᠳ ᠲᠡᠬᠦᠨ ᠤ ᠪᠤᠰᠤᠳ ᠪᠦᠲᠦᠭᠡᠯ ᠵᠢᠴᠢ ᠠᠳᠠᠯᠢ ᠨᠢᠭᠡ ᠦᠶ ᠠ ᠶᠢᠨ ᠠᠳᠠᠯᠢᠬᠠᠨ ᠪᠦᠲᠦᠭᠡᠯ ᠲᠠᠢ ᠬᠠᠷᠢᠴᠠᠭᠤᠯᠤᠨ᠂ ᠵᠤᠬᠢᠶᠠᠭᠴᠢ ᠶᠢᠨ ᠵᠤᠬᠢᠶᠠᠨ ᠪᠦᠲᠦᠭᠡᠬᠦ ᠤᠪᠤᠷ ᠰᠢᠨᠵᠢ᠂ ᠬᠡᠯᠡᠨ ᠤᠢᠯᠡᠳᠭᠡᠮᠵᠢ ᠪᠠ ᠠᠭᠤᠯᠭ᠎ᠠ ᠶᠢᠨ ᠪᠠᠭᠲᠠᠭᠠᠮᠵᠢ ᠮᠡᠳᠦ ᠶᠢᠨ ᠢᠯᠡᠷᠡᠬᠦᠯᠬᠦ ᠠᠷᠭ᠎ᠠ ᠶᠢᠨ ᠲᠠᠯ ᠠ ᠡᠴᠡ ᠵᠠᠳᠠᠯᠤᠨ ᠰᠢᠨᠵᠢᠯᠡᠵᠦ᠂ ᠲᠦᠷᠦᠯ ᠰᠲ᠋ᠢᠯᠢ ᠡᠯᠪᠡᠭ ᠪᠠᠶᠠᠯᠢᠭ᠂ ᠮᠠᠭᠤᠳᠯᠠᠯ ᠲᠤᠯᠠᠯ ᠨᠠᠷᠢᠯᠢᠭ ᠬᠢᠴᠢᠶᠡᠮᠵᠢᠲᠡᠢ᠂ ᠦᠭᠡ ᠪᠤᠷᠤᠭᠵᠢᠭᠤᠨ ᠰᠠᠨᠠᠭ᠎ᠠ ᠬᠦᠨ᠂ ᠪᠠᠭ ᠠ ᠪᠡᠷ ᠶᠠᠬᠠ ᠵᠢ ᠢᠡᠯᠡᠷᠡᠬᠦᠯᠬᠦ ᠭᠡᠬᠦ ᠲᠦᠷᠪᠡᠨ ᠲᠠᠯ ᠠ ᠳ᠋ᠤ ᠬᠤᠷᠢᠶᠠᠩᠭᠤᠢᠯᠠᠵᠠᠢ᠃ ᠹᠠᠱᠱᠠᠨ ᠤ ᠵᠤᠬᠢᠶᠠᠨ ᠪᠦᠲᠦᠭᠡᠯᠭᠡ ᠶᠢᠨ ᠤᠷ ᠠ ᠴᠢᠳᠠᠪᠤᠷᠢ ᠵᠢ ᠬᠢᠲᠠᠳ ᠤᠨ ᠡᠷᠲᠡᠨ ᠤ ᠤᠯᠠᠮᠵᠢᠯᠠᠯᠲᠤ ᠵᠤᠬᠢᠶᠠᠨ ᠪᠦᠲᠦᠭᠡᠭᠦ ᠴᠢᠳᠠᠪᠤᠷᠢ ᠨᠢ ᠬᠢᠲᠠᠳ ᠤᠨ ᠤᠷᠲᠠᠨ ᠤ ᠤᠯᠠᠮᠵᠢᠯᠠᠯᠲᠤ ᠵᠤᠬᠢᠶᠠᠨᠪᠦᠲᠦᠭᠡᠬᠦ ᠵᠠᠭᠪᠤᠷ ᠪᠠ ᠠᠷᠭ᠎ᠠ ᠵᠢ ᠵᠠᠯᠭᠠᠮᠵᠢᠯᠠᠨ ᠰᠤᠷᠤᠯᠴᠠᠵᠤ᠂ ᠬᠢᠲᠠᠳ ᠤᠳᠬ ᠠ ᠵᠤᠬᠢᠶᠠᠯ ᠤᠨ ᠪᠠᠶᠠᠯᠢᠭ ᠢ ᠢᠯᠡᠷᠡᠬᠦᠯᠦᠭᠰᠡᠨ ᠮᠦᠷᠲᠡᠭᠡᠨ ᠮᠦᠨᠴᠦ ᠡᠷᠲᠡᠨ ᠤ ᠮᠣᠩᠭᠤᠯ ᠦᠨᠳᠦᠰᠦᠲᠡᠨ ᠤ ᠬᠢᠳᠠᠳ ᠢᠢᠡᠷ ᠲᠤᠭᠤᠷᠪᠢᠳᠠᠭ ᠵᠤᠬᠢᠶᠠᠯᠴᠢ ᠶᠢᠨ ᠬᠤᠪᠢ ᠪᠡᠷ ᠮᠣᠩᠭᠯᠤ ᠤᠳᠬ ᠠ ᠵᠤᠬᠢᠶᠠᠯ ᠤᠨ ᠬᠦᠭᠵᠢᠯᠲᠡ ᠳ᠋ᠤ ᠴᠦ ᠨᠡᠮᠡᠷᠢ ᠬᠠᠨᠳᠢᠪ ᠦᠵᠡᠬᠦᠯᠵᠦ᠂ ᠲᠡᠭᠦᠨ ᠤ ᠡᠡᠨ ᠬᠦ ᠪᠦᠲᠦᠭᠡᠯ ᠨᠢ ᠹᠠᠱᠱᠠᠨ ᠤ ᠪᠦᠬᠦᠢ ᠯᠡ ᠰᠣᠳᠤᠯᠭᠠᠨ ᠳ᠋ᠤ ᠲᠤᠳᠠᠭᠲᠠᠵᠤ ᠪᠤᠯᠤᠰᠢ ᠦᠭᠡᠢ ᠵᠦᠢᠯ ᠪᠠᠢᠵᠤ᠂ ᠠᠩᠬᠠᠷᠤᠨ ᠰᠣᠳᠤᠯᠬᠤ ᠴᠢᠬᠤᠯᠠᠳᠠᠢ ᠭᠡᠳᠡᠭ ᠦᠵᠡᠯᠲᠡ ᠪᠠᠨ ᠲᠡᠪᠰᠢᠭᠦᠯᠡᠵᠡᠢ᠃ |
Original Literature |
View Original Paper
|
出自 |
内蒙古社会科学(蒙文版)
2021年
第5期
|