Title |
ᠠᠩᠯᠢ ᠪᠠ ᠮᠣᠩᠭᠤᠯ ᠬᠡᠯᠡᠨ ᠤ ᠰᠤᠷᠬᠤ ᠪᠢᠴᠢᠭ ᠲᠤ ᠬᠠᠪᠰᠤᠷᠭᠠᠨ ᠬᠡᠷᠡᠭᠯᠡᠭᠰᠡᠨ ᠵᠢᠷᠤᠭ ᠲᠦᠷᠰᠦ ᠵᠢ ᠬᠠᠷᠢᠴᠠᠭᠤᠯᠤᠨ ᠰᠢᠨᠵᠢᠯᠡᠬᠦ ᠨᠢ |
Creator |
ᠽᠠᠨᠳᠠᠨ |
Keyword |
ᠪᠠᠭ᠎ᠠ ᠰᠤᠷᠭᠠᠭᠤᠯᠢ ᠶᠢᠨ ᠰᠤᠷᠬᠭᠤ ᠪᠢᠴᠢᠭ; Wonders;《 ᠬᠡᠯᠡ ᠪᠢᠴᠢᠭ》; ᠵᠢᠷᠤᠭ ᠲᠦᠷᠰᠦ |
Abstract |
ᠦᠭᠦᠯᠡᠯ ᠳ᠋ᠤ ᠠᠩᠯᠢ ᠤᠯᠤᠰ ᠤᠨ ᠤᠯᠠᠩᠬᠢ ᠵᠸᠦ ᠶᠢᠨ ᠪᠠᠭ᠎ᠠ ᠰᠤᠷᠭᠠᠭᠤᠯᠢ ᠳ᠋ᠤ ᠨᠡᠢᠳᠡᠮ ᠬᠡᠷᠡᠭᠯᠡᠵᠦ ᠪᠠᠢᠭ᠎ᠠ ᠠᠩᠯᠢ ᠬᠡᠯᠡ ᠰᠤᠷᠬᠤ ᠪᠢᠴᠢᠭ Wonders ᠪᠠ ᠮᠠᠨ ᠤ ᠤᠷᠤᠨ ᠤ ᠪᠠᠭ ᠠ ᠰᠤᠷᠭᠠᠭᠤᠯᠢ ᠶᠢᠨ 《 ᠬᠡᠯᠡ ᠪᠢᠴᠢᠭ》 ᠲᠤ ᠬᠠᠪᠰᠤᠷᠭᠠᠨ ᠬᠡᠷᠡᠭᠯᠡᠭᠰᠡᠨ ᠵᠢᠷᠤᠭ ᠲᠦᠷᠰᠦ ᠨᠦᠭᠦᠳ ᠢ ᠬᠠᠷᠢᠴᠠᠭᠯᠤᠤᠨ ᠰᠢᠨᠵᠢᠯᠡᠪᠡ᠃ Wonders ᠤᠨ ᠵᠢᠷᠤᠭ ᠲᠦᠷᠰᠦ ᠨᠢ 《 ᠬᠡᠯᠡ ᠪᠢᠴᠢᠭ》 ᠢ ᠪᠤᠳᠤᠪᠠᠯ ᠪᠠᠭ᠎ᠠ ᠬᠡᠦᠭᠡᠳ ᠤᠨ ᠲᠤᠷ ᠠ ᠰᠣᠨᠢᠷᠬᠠᠯ ᠪᠠ ᠤᠷᠮ ᠠ ᠪᠠᠬ ᠠ ᠵᠢ ᠢᠯᠡᠬᠦᠦ ᠲᠠᠳᠠᠵᠤ ᠴᠢᠳᠠᠳᠠᠭ ᠣᠨᠴᠠᠯᠢᠭ ᠲᠠᠢ᠃ ᠲᠡᠭᠦᠨᠴᠢᠯᠠᠨ 《 ᠬᠡᠯᠡ ᠪᠢᠴᠢᠭ》 ᠤᠨ ᠰᠤᠷᠬᠤ ᠪᠢᠴᠢᠭ ᠤᠨ ᠵᠢᠷᠤᠭ ᠲᠦᠷᠰᠦ ᠶᠢᠨ ᠲᠤᠬᠢᠷᠠᠭᠤᠯᠤᠯᠲᠠ ᠶᠢᠨ ᠲᠦᠰᠦᠪᠯᠡᠯ ᠳ᠋ᠤ Wonders ᠤᠨ ᠲᠤᠷᠰᠢᠯᠭ᠎ᠠ ᠵᠢ ᠯᠠᠪᠯᠠᠯᠲᠠ ᠪᠤᠯᠭᠠᠵᠤ ᠪᠠᠭ ᠠ ᠬᠡᠦᠭᠡᠳ ᠤᠨ ᠰᠡᠳᠬᠢᠴᠡ ᠶᠢᠨ ᠬᠦᠭᠵᠢᠯᠲᠡ ᠶᠢᠨ ᠣᠨᠴᠠᠯᠢᠭ ᠲᠤ ᠨᠡᠩ ᠲᠤᠬᠢᠷᠠᠭᠰᠠᠨ ᠪᠦᠭᠡᠳ ᠬᠡᠦᠭᠡᠡᠳ ᠤᠨ ᠲᠤᠷ ᠠ ᠰᠣᠨᠢᠷᠬᠠᠯ ᠢ ᠲᠠᠳᠠᠵᠤ ᠴᠢᠳᠠᠬᠤ ᠵᠢᠷᠤᠭ ᠲᠦᠷᠰᠦ ᠵᠢ ᠰᠤᠨᠭᠤᠨ ᠬᠡᠷᠭᠡᠯᠪᠡᠯ ᠬᠡᠯᠡ ᠪᠢᠴᠢᠭ ᠤᠨ ᠵᠢᠭᠠᠨ ᠰᠤᠷᠭᠠᠯᠲᠠ ᠶᠢᠨ ᠦᠷ ᠠ ᠪᠦᠲᠦᠮᠵᠢ ᠵᠢ ᠨᠡᠩ ᠲᠡᠭᠡᠭᠰᠢᠯᠡᠬᠦᠯᠵᠦ ᠴᠢᠳᠠᠬᠤ ᠪᠤᠯᠤᠨ᠎ᠠ᠃ |
Original Literature |
View Original Paper
|
出自 |
内蒙古社会科学(蒙文版)
2021年
第5期
|