Title |
ᠮᠣᠩᠭᠤᠯ ᠦᠨᠳᠦᠰᠦᠲᠡᠨ ᠤ ᠵᠠᠩ ᠦᠢᠯᠡ ᠶᠢᠨ ᠭᠡᠷᠡᠯ ᠵᠢᠷᠤᠭ ᠲᠤ ᠬᠤᠯᠪᠤᠭᠳᠠᠭᠰᠠᠨ ᠰᠣᠶᠣᠯ ᠤᠨ ᠤᠯᠠᠮᠵᠢᠯᠠᠭᠠᠨ ᠤ ᠦᠢᠯᠡᠳᠦᠯ ᠢ ᠰᠢᠨᠵᠢᠯᠡᠬᠦ ᠨᠢ |
Creator |
ᠡᠷᠳᠡᠨᠢᠪᠢᠯᠢᠭ |
Keyword |
ᠵᠠᠩ ᠦᠢᠯᠡ; ᠭᠡᠷᠡᠯ ᠵᠢᠷᠤᠭ; ᠤᠯᠠᠮᠵᠢᠯᠠᠭ᠎ᠠ ᠶᠢᠨ ᠦᠷ ᠡ ᠪᠦᠲᠦᠮᠵᠢ |
Abstract |
ᠮᠣᠩᠭᠤᠯ ᠦᠨᠳᠦᠰᠦᠲᠡᠨ ᠤ ᠵᠠᠩ ᠦᠢᠯᠡ ᠶᠢᠨ ᠭᠡᠷᠡᠯ ᠵᠢᠷᠤᠭ ᠲᠤ ᠠᠴᠢᠶᠠᠯᠠᠵᠤ ᠪᠠᠢᠭ᠎ᠠ ᠰᠣᠶᠣᠯ ᠤᠨ ᠠᠭᠤᠯᠤᠭᠳᠠᠬᠤᠨ ᠢ ᠪᠦᠷᠢᠨ ᠬᠦᠢᠴᠡᠳ ᠢᠯᠡᠳᠭᠡᠨ ᠲᠠᠮᠵᠢᠭᠤᠯᠬᠤ ᠨᠢ ᠦᠨᠳᠦᠰᠦᠲᠡᠨ ᠨᠡᠭᠦᠳ ᠤᠨ ᠤᠢᠯᠠᠭᠠᠯᠴᠠᠯᠭᠠ ᠳ᠋ᠤ ᠲᠤᠰᠠ ᠲᠡᠮ ᠪᠤᠯᠬᠤ ᠪᠡᠷ ᠦᠯᠦ ᠪᠠᠷᠠᠮ ᠲᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠣᠶᠣᠯ ᠢ ᠤᠯᠠᠮᠵᠢᠯᠠᠨ ᠵᠠᠯᠭᠠᠮᠵᠢᠯᠠᠬᠤ ᠪᠠ ᠲᠡᠯᠭᠡᠷᠡᠬᠦᠯᠦᠨ ᠬᠦᠭᠵᠢᠬᠦᠯᠬᠦ ᠳ᠋ᠤ ᠠᠬᠤᠢᠴᠢ ᠠᠴᠢ ᠬᠤᠯᠪᠤᠭᠳᠠᠯ ᠲᠠᠢ ᠶᠣᠮ᠃ ᠲᠡᠷᠡ ᠨᠢ ᠭᠡᠷᠡᠯ ᠵᠢᠷᠤᠭ ᠤᠨ ᠨᠢᠭᠡᠨ ᠲᠦᠷᠦᠯ ᠪᠤᠯᠤᠭᠰᠠᠨ ᠤ ᠬᠤᠪᠢ ᠳ᠋ᠤ ᠪᠤᠰᠤᠳ ᠰᠤᠷᠠᠭ ᠵᠠᠩᠬᠢ ᠶᠢᠨ ᠠᠴᠢᠶᠠᠯᠠᠭᠴᠢ ᠲᠠᠢ ᠠᠳᠠᠯᠢ ᠪᠡᠷ ᠤᠯᠠᠨ ᠨᠡᠢᠲᠡ ᠶᠢᠨ ᠵᠠᠭᠤᠴᠢᠯᠠᠭᠤᠷ ᠤᠨ ᠣᠷᠴᠢᠨ ᠤ ᠨᠦᠯᠦᠭᠡ ᠵᠢ ᠬᠦᠷᠲᠡᠳᠡᠭ᠃ ᠪᠢᠳᠡ ᠮᠣᠩᠭᠤᠯ ᠦᠨᠳᠦᠰᠦᠲᠡᠨ ᠤ ᠵᠠᠩ ᠦᠢᠯᠡ ᠶᠢᠨ ᠭᠡᠷᠡᠯ ᠵᠢᠷᠤᠭ ᠢ ᠵᠦᠪ ᠲᠠᠨᠢᠨ ᠤᠢᠯᠠᠭᠠᠵᠤ᠂ ᠲᠡᠭᠦᠨ ᠤ ᠤᠯᠠᠮᠵᠢᠯᠠᠭ᠎ᠠ ᠶᠢᠨ ᠢᠳᠡᠪᠬᠢ ᠨᠦᠯᠦᠭᠡ ᠵᠢ ᠪᠠᠳᠠᠷᠠᠭᠤᠯᠤᠨ᠂ ᠬᠦᠷᠦᠯᠴᠡᠬᠦ ᠦᠭᠡᠢ ᠲᠠᠯ ᠠ ᠵᠢ ᠲᠡᠪᠴᠢᠪᠡᠯ ᠲᠡᠭᠦᠨ ᠳ᠋ᠤ ᠠᠴᠢᠶᠠᠯᠠᠵᠤ ᠪᠠᠢᠭ᠎ᠠ ᠰᠣᠶᠣᠯ ᠤᠨ ᠠᠭᠤᠤᠯᠭᠳᠠᠬᠤᠨ ᠢ ᠬᠦᠯᠢᠶᠡᠨ ᠠᠪᠤᠭᠴᠢᠳ ᠲᠤ ᠨᠡᠩ ᠰᠠᠢᠨ ᠤᠯᠠᠮᠵᠢᠯᠠᠨ ᠲᠠᠮᠵᠢᠭᠤᠯᠵᠤ ᠴᠢᠳᠠᠨ᠎ᠠ᠃ |
Original Literature |
View Original Paper
|
出自 |
内蒙古社会科学(蒙文版)
2021年
第3期
|