Title |
《 ᠶᠤᠸᠠᠨ ᠤᠯᠤᠰ ᠤᠨ ᠲᠡᠦᠭᠡ》 ᠶᠢᠨ ᠮᠣᠩᠭᠤᠯ ᠣᠷᠴᠢᠭᠤᠯᠭ᠎ᠠ ᠶᠢᠨ ᠬᠡᠯᠡ ᠬᠡᠯᠡᠯᠭᠡ ᠶᠢᠨ ᠤᠨᠴᠠᠯᠢᠭ |
Creator |
ᠨᠠᠷᠠᠨᠪᠢᠯᠢᠭ᠌; ᠲᠡᠯᠭᠡᠷᠮ ᠠ |
Keyword |
《 ᠶᠤᠸᠠᠨ ᠤᠯᠤᠰ ᠤᠨ ᠲᠡᠦᠭᠡ》; ᠮᠣᠩᠭᠯᠤ ᠤᠷᠴᠢᠭᠤᠯᠭ᠎ᠠ ᠶᠢᠨ ᠬᠡᠯᠡ ᠬᠡᠯᠡᠯᠭᠡ; ᠬᠡᠷᠡᠭᠯᠡᠭᠡᠨ ᠤ ᠣᠨᠴᠠᠯᠢᠭ |
Abstract |
《 ᠶᠤᠸᠠᠨ ᠤᠯᠤᠰ ᠤᠨ ᠲᠡᠦᠭᠡ》 ᠳ᠋ᠡᠬᠢ ᠬᠦᠮᠦᠨ ᠬᠠᠷ ᠠ᠂ ᠭᠠᠵᠠᠷ ᠤᠷᠤᠨ᠂ ᠤᠪᠤᠭ ᠤᠭᠰᠠᠭᠠᠠ ᠵᠡᠷᠭᠡ ᠤᠯᠨ ᠨᠡᠷ ᠠ ᠦᠭᠡᠰ ᠨᠢ ᠪᠦᠷ ᠮᠣᠩᠭᠤᠯ ᠦᠭᠡ ᠦᠰᠦᠭ ᠢ ᠠᠪᠢᠶᠠᠴᠢᠯᠠᠨ ᠪᠢᠴᠢᠭᠰᠡᠨ ᠬᠢᠳᠡᠭ ᠦᠭᠡᠰ ᠪᠠᠢᠵᠦ᠂ ᠡᠳᠡᠭᠡᠷ ᠦᠭᠡᠰ ᠤᠨ ᠲᠤᠬᠢᠷᠠᠯᠴᠠᠭᠰᠠᠨ ᠮᠣᠩᠭᠤᠯ ᠦᠭᠡ ᠦᠰᠦᠭ ᠢ ᠤᠯᠵᠤ᠂ ᠤᠳᠬ ᠠ ᠰᠠᠨᠠᠭ᠎ᠠ ᠵᠢ ᠨᠢ ᠲᠤᠬᠢᠯᠢᠭ ᠰᠡᠷᠬᠦᠭᠡᠨ ᠮᠣᠩᠭᠤᠯᠴᠢᠯᠠᠬᠤ ᠨᠢ ᠨᠡᠯᠢᠶᠡᠳ ᠪᠤᠲᠤᠯᠢᠶᠠᠨ ᠲᠠᠢ ᠪᠠᠢᠳᠠᠭ᠃ ᠤᠴᠢᠷ ᠨᠢ ᠠᠳᠠᠯᠢᠨᠬᠠᠨ ᠨᠢᠭᠡ ᠮᠣᠩᠭᠤᠯ ᠦᠭᠡ ᠦᠰᠦᠭ ᠢ ᠠᠳᠠᠯᠢ ᠪᠤᠰᠤᠬᠢᠳᠠᠳ ᠦᠰᠦᠭ ᠢᠢᠡᠷ ᠲᠡᠮᠳᠡᠭᠯᠡᠨ ᠪᠢᠴᠢᠭᠰᠡᠨ ᠪᠠᠢᠳᠠᠯ ᠴᠦᠭᠡᠨ ᠪᠤᠰᠤ ᠤᠷᠤᠰᠢᠵᠤ ᠪᠤᠢ᠃ ᠡᠢᠮᠦ ᠡᠴᠡ ᠬᠡᠯᠡᠨ ᠤ ᠵᠦᠢ ᠶᠢᠨ ᠵᠠᠷᠢᠮ ᠠᠰᠠᠭᠤᠳᠠᠯ ᠢ ᠲᠤᠬᠠᠢ ᠶᠢᠨ ᠦᠶ ᠠ ᠶᠢᠨ ᠬᠢᠲᠠᠳ ᠬᠡᠯᠡ ᠤ ᠠᠶᠠᠯᠭᠤ ᠳ᠋ᠤ ᠬᠠᠷᠠᠭᠠᠯᠵᠠᠭᠤᠯᠤᠨ᠂ ᠬᠢᠲᠠᠳ ᠲᠡᠦᠭᠡᠨ ᠮᠠᠲ᠋ᠸᠷᠢᠶᠠᠯ ᠪᠯᠤᠤᠨ ᠮᠣᠩᠭᠤᠯ ᠬᠡᠯᠡᠨ ᠤ ᠤᠯᠠᠨ ᠵᠦᠢᠯ ᠤᠨ ᠮᠠᠲ᠋ᠸᠷᠢᠶᠠᠯ ᠢ ᠬᠠᠷᠠᠭᠠᠯᠵᠠᠭᠤᠯᠤᠨ ᠤᠷᠴᠢᠭᠤᠯᠬᠤ ᠴᠢᠬᠤᠯᠠᠲᠠᠢ ᠶᠣᠮ᠃ ᠦᠭᠦᠯᠡᠯ ᠳ᠋ᠤ ᠨᠡᠷ ᠠ ᠦᠭᠡᠰ ᠪᠤᠯᠤᠨ ᠬᠠᠮᠢᠶ ᠠ ᠪᠦᠬᠦᠢ ᠬᠡᠯᠡᠨ ᠤ ᠵᠦᠢ ᠶᠢᠨ ᠵᠠᠷᠢᠮ ᠠᠰᠠᠭᠤᠳᠠᠯ ᠢ ᠮᠣᠩᠭᠤᠯᠴᠢᠯᠠᠭᠰᠠᠨ ᠣᠨᠴᠠᠯᠢᠭ ᠢ ᠲᠤᠰᠬᠠᠢᠯᠠᠨ ᠰᠢᠨᠵᠢᠯᠡᠵᠦ᠂ ᠡᠢᠮᠦᠷᠬᠦᠦ ᠠᠳᠠᠯᠢ ᠠᠪᠢᠶᠠᠯᠠᠭ᠎ᠠ ᠲᠠᠢ ᠬᠢᠲᠠᠳ ᠪᠯᠤᠤᠨ ᠮᠣᠩᠭᠤᠯ ᠦᠰᠦᠭ ᠬᠤᠭᠤᠷᠤᠨᠲᠦ ᠪᠠᠨ ᠬᠤᠳᠬᠤᠯᠲᠠᠨ ᠤᠷᠴᠢᠭᠤᠯᠤᠭᠳᠠᠵᠤ ᠪᠠᠢᠭᠰᠠᠨ ᠦᠵᠡᠭᠳᠡᠯ ᠢ ᠦᠨᠳᠦᠰᠦᠯᠡᠨ᠂ ᠶᠤᠸᠠᠨ ᠤᠯᠤᠰ ᠤᠨ ᠦᠶ ᠠ ᠶᠢᠨ ᠮᠣᠩᠭᠤᠯ ᠪᠤᠯᠨ ᠬᠢᠲᠠᠳ ᠦᠭᠡ ᠬᠡᠯᠡ᠂ ᠦᠰᠦᠭ ᠪᠢᠴᠢᠭ ᠨᠢ ᠬᠠᠷᠢᠯᠴᠠᠨ ᠨᠦᠯᠦᠭᠡᠯᠡᠵᠦ᠂ ᠠᠪᠢᠶᠠᠯᠠᠭ᠎ᠠ ᠪᠤᠯᠤᠨ ᠤᠳᠬ ᠠ ᠰᠠᠨᠠᠭ᠎ᠠ ᠨᠢ ᠪᠦᠷ ᠵᠤᠬᠢᠬᠤ ᠬᠤᠪᠢᠷᠠᠯᠲᠠ ᠲᠠᠢ ᠬᠡᠡᠯ ᠬᠡᠯᠡᠯᠭᠡ ᠵᠢ ᠡᠭᠦᠰᠭᠡᠨ ᠪᠦᠷᠢᠯᠳᠦᠬᠦᠯᠵᠦ᠂ᠬᠡᠷᠡᠭᠯᠡᠵᠦ ᠪᠠᠢᠭᠰᠠᠨ ᠲᠤᠬᠠᠢ ᠦᠭᠦᠯᠡᠵᠡᠢ᠃ |
Original Literature |
View Original Paper
|
出自 |
内蒙古社会科学(蒙文版)
2021年
第2期
|