Title |
ᠤᠯᠤᠰ ᠤᠨ ᠲᠤᠳᠤᠭᠠᠲᠤ ᠳ᠋ᠤ ᠬᠠᠳᠠᠭᠠᠯᠠᠭᠳᠠᠵᠤ ᠪᠠᠢᠭ᠎ᠠ ᠨᠢᠩᠮᠠᠪᠠ ᠪᠦᠯᠦᠭ ᠤᠨ 《 ᠰᠠᠩ ᠤᠨ ᠨᠣᠮ》 ᠤᠨ ᠮᠣᠩᠭᠤᠯ ᠣᠷᠴᠢᠭᠤᠯᠭ᠎ᠠ ᠶᠢᠨ ᠲᠤᠬᠠᠢ |
Creator |
ᠦ᠋᠂ ᠬᠤᠩ ᠮᠸᠢ |
Keyword |
《 ᠰᠠᠩ ᠤᠨ ᠨᠣᠮ》; ᠮᠣᠩᠭᠤᠯ ᠤᠷᠴᠢᠭᠤᠯᠭ᠎ᠠ; ᠠᠭᠤᠯᠭ᠎ᠠ; ᠦᠨ᠎ᠠ ᠦᠷᠲᠡᠭ |
Abstract |
ᠪᠤᠷᠬᠠᠨ ᠤ ᠱᠠᠰᠢᠨ ᠤ ᠬᠤᠶᠠᠷ ᠲᠤᠮᠤ ᠴᠣᠮᠤᠷᠯᠢᠭ ᠪᠤᠯᠬᠤ 《 ᠭᠠᠵᠤᠤᠷ》 《 ᠳ᠋ᠠᠨᠵᠤᠤᠷ》 ᠡᠴᠡ ᠭᠠᠳᠠᠨ᠎ᠠ ᠲᠠᠪᠤᠨ ᠤᠬᠠᠭᠠᠨ ᠤ ᠤᠯᠠᠨ ᠲᠤᠰᠠᠭᠠᠷ ᠰᠣᠳᠤᠷ ᠤᠳ ᠮᠣᠩᠭᠤᠯ ᠬᠡᠯᠡᠨ ᠲᠡᠭᠡᠷ ᠠ ᠣᠷᠴᠢᠭᠤᠯᠤᠭᠳᠠᠨ ᠦᠯᠡᠳᠡᠭᠰᠡᠨ ᠪᠠᠢᠳᠠᠭ᠃ ᠡᠭᠦᠨ ᠤ ᠲᠤᠳᠤᠷ ᠠ ᠨᠢᠩᠮᠠᠪᠠ ᠪᠦᠯᠦᠭ ᠤᠨ 《 ᠨᠣᠮ ᠤᠨ ᠰᠠᠩ》 ᠤᠨ ᠮᠣᠩᠭᠤᠯ ᠣᠷᠴᠢᠭᠤᠯᠭ᠎ᠠ ᠨᠢ ᠲᠦᠷᠦᠯ ᠵᠦᠢᠯ ᠤᠯᠠᠨ᠂ ᠬᠠᠭᠤᠳᠠᠰᠤ ᠬᠡᠮᠵᠢᠶ ᠡ ᠶᠡᠡᠬ ᠪᠡᠷ ᠢᠢᠡᠨ ᠠᠯᠳᠠᠷᠲᠠᠢ᠃ ᠡᠳᠡᠭᠡᠷ《 ᠰᠠᠩ ᠤᠨ ᠨᠣᠮ》 ᠤᠨ ᠮᠣᠩᠭᠤᠯ ᠣᠷᠴᠢᠭᠤᠯᠭ᠎ᠠ ᠵᠢ ᠮᠣᠩᠭᠤᠯ《 ᠭᠠᠵᠤᠤᠷ》 《ᠳ᠋ᠠᠨᠵᠤᠤᠷ》 ᠤᠨ ᠹᠤᠲ᠋ᠤ᠋ ᠬᠡᠪᠯᠡᠯ ᠳ᠋ᠤ ᠬᠤᠶᠠᠷ ᠪᠤᠳᠢ ᠪᠤᠯᠭᠠᠨ ᠬᠡᠪᠯᠡᠨ ᠲᠠᠷᠬᠠᠭᠠᠭᠰᠠᠨᠨᠢ ᠨᠢᠭᠤᠴᠠᠯᠠᠨ ᠬᠠᠳᠠᠭᠠᠯᠠᠭᠳᠠᠵᠤ ᠪᠠᠢᠭᠰᠠᠨ 《 ᠰᠠᠩ ᠤᠨ ᠨᠣᠮ》 ᠤᠨ ᠮᠣᠩᠭᠤᠯ ᠣᠷᠴᠢᠭᠤᠯᠭ᠎ᠠ ᠵᠢ ᠡᠮᠬᠢᠳᠭᠡᠨ ᠰᠣᠳᠤᠯᠬᠤ ᠳ᠋ᠤ ᠶᠡᠬᠡᠳᠡ ᠠᠴᠢ ᠲᠤᠰᠠ ᠲᠠᠢ ᠠᠵᠢᠯ ᠪᠤᠯᠤᠭᠰᠠᠨ ᠪᠢᠯᠡ᠃ ᠦᠭᠦᠯᠡᠯ ᠳ᠋ᠤ ᠤᠯᠤᠰ ᠤᠨ ᠲᠤᠳᠤᠭᠠᠳᠤ ᠳ᠋ᠤ ᠬᠠᠳᠠᠭᠠᠯᠠᠭᠳᠠᠵᠤ ᠪᠠᠢᠭ᠎ᠠ《 ᠰᠠᠩ ᠤᠨ ᠨᠣᠮ》 ᠤᠨ ᠮᠣᠩᠭᠤᠯ ᠣᠷᠴᠢᠭᠤᠯᠭ᠎ᠠ ᠶᠢᠨ ᠬᠠᠳᠠᠭᠠᠯᠠᠮᠵᠢ᠂ ᠠᠭᠤᠯᠭ᠎ᠠ ᠵᠢ ᠲᠦᠭᠦᠮ ᠲᠠᠨᠢᠯᠴᠠᠭᠤᠯᠬᠤ ᠶᠢᠨ ᠲᠠᠭᠤ ᠲᠡᠭᠦᠨ ᠤ ᠰᠣᠳᠤᠯᠭᠠᠨ ᠤ ᠦᠨ᠎ᠠ ᠦᠷᠲᠡᠭ ᠢ ᠦᠭᠦᠯᠡᠵᠡᠢ᠃ |
Original Literature |
View Original Paper
|
出自 |
内蒙古社会科学(蒙文版)
2020年
第6期
|