Title |
ᠰᠢᠯᠭᠠᠳᠠᠭ ᠤᠬᠠᠭᠠᠨ ᠤ ᠬᠠᠷᠭᠠᠰᠤ ᠡᠴᠡ ᠮᠣᠩᠭᠤᠯ ᠲᠠᠭᠠᠷᠢᠯᠴᠠᠭ᠎ᠠ ᠬᠤᠯᠪᠤᠭ᠎ᠠ ᠵᠢ ᠰᠢᠨᠵᠢᠯᠡᠬᠦ ᠨᠢ |
Creator |
ᠮᠡᠷᠭᠡᠨᠪᠠᠲᠤ |
Keyword |
ᠮᠣᠩᠭᠤᠯ ᠰᠢᠯᠭᠠᠳᠠᠭ ᠤᠬᠠᠭᠠᠨ; ᠲᠡᠮᠡᠴᠡᠯ ᠤᠨ ᠤᠨᠤᠯ; ᠴᠤᠢᠷ ᠠ ᠶᠢᠨ ᠮᠠᠷᠭᠤᠭᠠᠨ;ᠮᠣᠩᠭᠤᠯ ᠲᠠᠭᠠᠷᠢᠯᠴᠠᠭ᠎ᠠ |
Abstract |
ᠦᠭᠦᠯᠡ ᠳ᠋ᠤ᠂ ᠡᠷᠲᠡᠨ ᠤ ᠮᠣᠩᠭᠤᠯᠴᠤᠳ ᠤᠨ ᠰᠡᠴᠡᠯᠡᠬᠦᠢ ᠤᠷᠠᠯᠢᠭ ᠡᠴᠡ ᠡᠬᠢ ᠡᠭᠦᠰᠦᠯ ᠲᠠᠢ ᠲᠠᠭᠠᠴᠢᠯᠴᠠᠭᠠ ᠬᠤᠯᠪᠤᠭ᠎ᠠ ᠵᠢ ᠰᠢᠯᠭᠠᠳᠠᠭ ᠤᠨ ᠲᠡᠮᠡᠴᠡᠯ ᠤᠨ ᠤᠨᠤᠯ; ᠪᠤᠳ᠋ᠳ᠋ᠾᠠ ᠶᠢᠨ ᠰᠦᠮ ᠠ ᠬᠡᠢᠢᠳ ᠤᠨ ᠴᠣᠢᠷ ᠠ ᠶᠢᠨ ᠮᠠᠷᠭᠤᠭᠠᠨ ᠲᠠᠢ ᠬᠠᠷᠢᠴᠠᠭᠤᠯᠤᠨ ᠰᠢᠨᠵᠢᠯᠡᠵᠦ᠂ ᠣᠨᠴᠠᠭᠠᠢᠯᠠᠨ ᠮᠣᠩᠭᠤᠯ ᠲᠠᠭᠠᠷᠢᠯᠴᠠᠭ᠎ᠠ ᠶᠢᠨ 《ᠠ》(ᠠᠰᠠᠭᠤᠬᠤ)᠂《ᠡ》᠂(ᠬᠠᠷᠢᠭᠤᠯᠬᠤ) ᠬᠤᠶᠠᠷ ᠭᠠᠷᠯᠠᠬᠤ ᠪᠤᠶᠤ ᠬᠤᠶᠠᠷ ᠦᠵᠦᠭᠦᠷᠯᠡᠨ ᠬᠡᠯᠡᠯᠴᠡᠳᠡᠭ ᠯᠤᠬᠢᠭ ᠪᠦᠲᠦᠴᠡ ᠨᠢ 《 ᠲᠠᠢᠨ ᠢᠯᠭᠠᠨ ᠠᠰᠠᠭᠤᠬᠤ ᠬᠢᠭᠡ ᠬᠠᠷᠢᠭᠤᠯᠬᠤ》 ᠰᠢᠯᠭᠠᠳᠠᠭ ᠤᠨ ᠤᠬᠠᠭᠠᠨ ᠤ ᠲᠡᠮᠡᠴᠡᠯ ᠤᠨ ᠬᠡᠯᠪᠡᠷᠢ ᠪᠤᠯᠤᠨ ᠪᠤᠳ᠋ᠳ᠋ᠾᠠ ᠶᠢᠨ ᠰᠦᠮ ᠠ ᠬᠡᠢᠢᠳ ᠤᠨ ᠴᠤᠢᠷ ᠠ ᠶᠢᠨ ᠮᠠᠷᠭᠤᠭᠠᠨ ᠤ ᠦᠨᠳᠦᠰᠦᠨ ᠬᠡᠯᠪᠡᠷᠢ ᠯᠤᠬᠡ ᠲᠤᠳᠤᠭᠲᠤ ᠯᠤᠬᠢᠭ ᠠᠭᠤᠯᠤᠮᠵᠢ ᠪᠡᠷ ᠮᠠᠰᠢ ᠲᠦᠰᠦᠭᠡᠪᠲᠦᠷ ᠪᠠᠢᠭ᠎ᠠ ᠲᠠᠯ ᠠ ᠵᠢ ᠵᠠᠳᠠᠯᠠᠤᠭᠰᠠᠨ ᠰᠠᠭᠤᠷᠢᠨ ᠲᠠᠭᠡᠷ ᠠ᠂ ᠮᠣᠩᠭᠤᠯ ᠲᠠᠭᠠᠷᠢᠯᠴᠠᠭ᠎ᠠ ᠨᠢ ᠰᠢᠯᠭᠠᠲᠠᠭ ᠤᠨ ᠲᠡᠮᠡᠴᠡᠯ ᠤᠨ ᠤᠬᠠᠭᠠᠨ ᠤ ᠲᠤᠰ ᠪᠡᠶ ᠠ ᠨᠢ ᠪᠢᠰᠢ ᠪᠤᠯᠪᠠᠴᠤ᠂ ᠪᠤᠳ᠋ᠳ᠋ᠾᠠ ᠶᠢᠨ ᠰᠢᠯᠭᠠᠳᠠᠭ ᠮᠣᠩᠭᠤᠯ ᠰᠦᠮ ᠠ ᠬᠡᠢᠳ ᠢᠢᠡᠷ ᠲᠠᠷᠬᠠᠬᠤ ᠶᠢᠨ ᠵᠠᠪᠰᠢᠶᠠᠨ ᠢᠢᠡᠷ ᠮᠣᠩᠭᠤᠯ ᠤᠷᠤᠨ ᠤ ᠤᠶᠤᠨ ᠰᠠᠨᠠᠭ᠎ᠠ᠂ ᠦᠢᠯ ᠠᠵᠢᠯᠯᠠᠭ᠎ᠠ ᠵᠢ ᠵᠤᠬᠢᠬᠤ ᠤᠳᠬ ᠠ ᠲᠡᠭᠡᠷ ᠠ ᠨᠦᠯᠦᠭᠡᠯᠡᠭᠰᠡᠨ ᠤ ᠦᠷ ᠠ ᠳ᠋ᠦᠩ ᠬᠤᠪᠢᠰᠴᠤ ᠢᠷᠡᠭᠰᠡᠨ ᠮᠣᠩᠭᠤᠯ ᠤᠨ ᠤᠷᠠᠨ ᠵᠤᠬᠢᠶᠠᠯ ᠤᠨ ᠨᠢᠭᠡᠨ ᠬᠡᠯᠪᠡᠷᠢ ᠮᠦᠷᠲᠡᠭᠡᠨ ᠪᠦᠭᠡ ᠮᠦᠷᠬᠦᠯ ᠤᠨ 《 ᠲᠡᠭᠷᠢ ᠲᠠᠭᠤᠳᠠᠯᠭ᠎ᠠ》 ᠲᠠ ᠴᠦ ᠬᠤᠯᠪᠤᠨ ᠰᠢᠨᠵᠢᠯᠡᠬᠦ ᠤᠷᠤᠨ ᠵᠠᠢ ᠲᠠᠢ ᠮᠣᠩᠭᠤᠯ ᠤᠨ ᠱᠠᠰᠢᠨ ᠤ ᠤᠷᠠᠨ ᠵᠤᠬᠢᠶᠠᠯ ᠭᠡᠬᠦ ᠦᠵᠡᠯᠲᠡ ᠵᠢ ᠲᠤᠭᠲᠠᠮ ᠲᠤᠷᠠᠳᠴᠠᠢ᠂ |
Original Literature |
View Original Paper
|
出自 |
内蒙古社会科学(蒙文版)
2020年
第6期
|