Abstract |
《 ᠪᠤᠭᠲᠠ ᠴᠢᠩᠾᠢᠰ ᠬᠠᠭᠠᠨ ᠤ ᠴᠢᠳᠢᠭ》 ᠪᠤᠯ ᠮᠣᠩᠭᠤᠯ ᠦᠰᠦᠭ ᠪᠢᠴᠢᠭ ᠢᠢᠡᠷ ᠲᠤᠭᠤᠷᠪᠢᠵᠦ ᠵᠤᠬᠢᠶᠠᠭᠳᠠᠭᠰᠠᠨ ᠴᠢᠬᠤᠯ ᠨᠢᠭᠡᠨ ᠲᠡᠦᠭᠡᠨ ᠰᠤᠷᠪᠤᠯᠵᠢ ᠪᠤᠯᠬᠤ ᠪᠠ ᠨᠡᠢᠲᠡ ᠶᠢᠨ ᠤᠨ ᠲᠤᠭᠠᠯᠠᠯ ᠤᠨ 1625ᠣᠨ ᠳ᠋ᠤ ᠵᠤᠬᠢᠶᠠᠭᠳᠠᠭᠰᠠᠨ ᠭᠡᠳᠡᠭ《 ᠭᠠᠳ ᠤᠨ ᠦᠨᠳᠦᠰᠦᠨ ᠬᠤᠷᠢᠶᠠᠩᠭᠤᠢ ᠠᠯᠳᠠᠨ ᠲᠤᠪᠴᠢ》 ᠶᠢᠨ ᠠᠳᠠᠯᠢ ᠪᠤᠰᠤ ᠨᠡᠷᠡᠲᠦ ᠬᠠᠭᠤᠯᠪᠤᠷᠢ᠂ ᠡᠰᠡᠬᠦᠯ ᠠ 《 ᠬᠠᠳ ᠤᠨ ᠦᠨᠳᠦᠰᠦᠨ ᠬᠤᠷᠢᠶᠠᠩᠭᠤᠢ ᠠᠯᠳᠠᠨ ᠲᠤᠪᠴᠢ》 ᠶᠢᠨ ᠤᠤᠯ ᠡᠭᠡ ᠬᠡᠮᠡᠨ ᠡᠷᠲᠡᠮᠳᠡᠨ ᠰᠤᠳᠤᠯᠤᠭᠴᠢ ᠨᠠᠷ ᠲᠠᠢᠯᠪᠤᠷᠢᠯᠠᠵᠤ ᠦᠭᠦᠯᠡᠭᠰᠡᠭᠡᠷ ᠢᠷᠡᠵᠡᠢ᠃ 《 ᠪᠤᠭᠲᠠ ᠴᠢᠩᠬᠢᠰᠬᠠᠭᠠᠨ ᠤ ᠴᠡᠳᠢᠭ》 ᠲᠤ ᠲᠡᠮᠳᠡᠭᠯᠡᠭᠳᠡᠭᠰᠡᠨ ᠬᠠᠰᠠᠷ ᠤᠨ ᠲᠤᠬᠠᠢ ᠲᠡᠮᠳᠡᠭᠯᠡᠯ ᠤᠳ ᠢ ᠱᠦᠭᠦᠨ ᠰᠡᠢᠷᠡᠬᠦᠯᠵᠦ᠂ ᠵᠤᠬᠢᠬᠤ ᠬᠠᠷᠢᠴᠠᠭᠤᠯᠤᠯ ᠪᠠ ᠲᠠᠢᠯᠪᠤᠷᠢᠯᠯᠠᠲᠠ ᠬᠢᠵᠦ᠂ ᠲᠤᠰ ᠰᠤᠷᠪᠤᠯᠵᠢ ᠳ᠋ᠤ ᠬᠠᠰᠠᠷ ᠢ ᠬᠡᠷᠬᠢᠨ ᠪᠢᠴᠢᠭᠰᠡᠨ ᠭᠡᠳᠡᠭ ᠢ ᠦᠵᠡᠬᠦᠯᠵᠦ᠂ ᠨᠦᠬᠦᠭᠡ ᠲᠠᠯ ᠠ ᠪᠡᠷ 《 ᠬᠠᠳ ᠤᠨ ᠦᠨᠳᠦᠰᠦᠨ ᠬᠤᠷᠢᠶᠠᠩᠭᠤᠢ ᠠᠯᠲᠠᠨ ᠲᠤᠪᠴᠢ》 ᠳ᠋ᠡᠬᠢ ᠲᠡᠮᠳᠡᠭᠯᠡᠯ ᠲᠠᠢ ᠶᠠᠮᠠᠷ ᠬᠠᠷᠢᠴᠠᠭ᠎ᠠ ᠬᠤᠯᠪᠤᠭ᠎ᠠ ᠲᠠᠢ ᠪᠤᠯᠬᠤ ᠵᠢ ᠴᠠᠭᠠᠰᠢᠲᠠ ᠲᠤᠳᠤᠷᠠᠭᠤᠯᠬᠤ ᠵᠢ ᠬᠢᠴᠢᠶᠡᠪᠡ᠃ |