Title |
ᠲᠠᠢᠴᠢᠩ ᠬᠦᠷᠦᠨ ᠤ ᠦᠶ ᠠ ᠶᠢᠨ ᠬᠠᠷᠠᠴᠢᠨ ᠮᠣᠩᠭᠤᠯᠴᠤᠳ ᠪᠠ ᠮᠣᠩᠭᠤᠯ《 ᠭᠠᠨᠵᠤᠤᠷ》 《ᠳ᠋ᠠᠨᠵᠤᠤᠷ》ᠯᠤᠭ᠎ᠠ ᠶᠢᠨ ᠰᠢᠲᠦᠨ ᠪᠠᠷᠢᠯᠳᠤᠯᠭ᠎ᠠ |
Creator |
ᠬᠤᠷᠴᠠ |
Keyword |
ᠲᠠᠢᠴᠢᠩ ᠭᠦᠷᠦᠨ; ᠬᠠᠷᠠᠴᠢᠨ ᠮᠣᠩᠭᠤᠯ; 《 ᠭᠠᠵᠤᠷᠷ》; 《 ᠳ᠋ᠠᠨᠵᠤᠤᠷ》; ᠰᠢᠲᠦᠨ ᠪᠠᠷᠢᠯᠳᠤᠯᠭ᠎ᠠ |
Abstract |
ᠦᠭᠦᠯᠡᠯ ᠳ᠋ᠤ ᠭᠤᠤᠯᠳᠠᠭᠤ ᠲᠤᠮᠳᠠᠳᠤ ᠤᠯᠤᠰ ᠤᠨ ᠲᠡᠦᠭᠡ ᠶᠢᠨ ᠨᠢᠭᠡᠳᠦᠭᠡᠷ ᠠᠷᠬᠢᠸ᠂ ᠦᠪᠦᠷ ᠮᠣᠩᠭᠤᠯ ᠤᠨ ᠲᠠᠩᠰᠠ ᠡᠪᠬᠡᠮᠡᠯ ᠤᠨ ᠰᠠᠩ ᠳ᠋ᠤ ᠬᠠᠳᠠᠭᠠᠯᠠᠮᠵᠢ ᠲᠠᠢ ᠮᠠᠨᠵᠤ᠂ ᠮᠣᠩᠭᠤᠯ ᠤᠨ ᠲᠠᠩᠰᠠᠰᠨ ᠳ᠋ᠡᠬᠢ ᠮᠡᠳᠡᠭᠡ ᠪᠠᠷᠢᠮᠲᠠ ᠳ᠋ᠤ ᠲᠤᠯᠭᠠᠭᠤᠷᠢᠯᠠᠨ᠂ ᠲᠠᠢᠴᠢᠩ ᠭᠦᠷᠦᠨ ᠤ ᠦᠶ ᠠ ᠶᠢᠨᠬᠠᠷᠠᠴᠢᠨ ᠵᠠᠭᠦᠨ ᠬᠤᠰᠢᠭᠤᠨ ᠤ ᠵᠠᠰᠠᠭ ᠤᠯᠤᠰ ᠤᠨ ᠲᠦᠰᠢᠶ ᠠ ᠭᠦᠩ ᠱᠠᠮᠪᠠᠷᠠᠰᠢ ᠪᠡᠷ ᠮᠣᠩᠭᠤᠯ 《ᠭᠠᠨᠵᠤᠤᠷ》 ᠢ ᠲᠦᠪᠡᠳ《 ᠭᠠᠨᠵᠤᠤᠷ》 ᠲᠠᠢ ᠬᠠᠷᠢᠴᠠᠭᠤᠯᠵᠤ ᠠᠷᠢᠭᠤᠳᠬᠠᠨ ᠰᠢᠭᠦᠵᠦ ᠪᠠᠷᠠᠯᠬᠤ ᠵᠢ ᠰᠠᠨᠠᠭᠠᠭᠴᠢᠯᠠᠵᠤ ᠪᠠᠢᠭᠰᠠᠨ᠂ ᠬᠠᠷᠠᠴᠢᠨ ᠤ ᠯᠠᠮᠠ ᠨᠠᠷ ᠲᠠᠢ ᠲᠦᠪᠡᠳ 《 ᠳ᠋ᠠᠨᠵᠤᠤᠷ》 ᠲᠡᠬᠢ ᠨᠡᠯᠢᠶᠡᠳ ᠰᠣᠳᠤᠷ ᠨᠣᠮ ᠢ ᠮᠣᠨᠭᠤᠯ ᠢᠢᠡᠷ ᠣᠷᠴᠢᠭᠤᠯᠬᠤ ᠪᠤᠶᠤ ᠰᠢᠬᠦᠬᠦ ᠠᠵᠢᠯ ᠳ᠋ᠤᠤᠷᠤᠯᠴᠠᠭᠰᠠᠨ᠂ ᠬᠠᠷᠠᠴᠢᠨ ᠲᠤᠮᠳᠠᠳᠤ ᠬᠤᠰᠢᠭᠤᠨ ᠤ ᠵᠠᠰᠠᠭ ᠨᠤᠶᠠᠨ ᠭᠦᠩ ᠤᠨ ᠵᠡᠷᠭᠡ ᠲᠠᠢ ᠴᠡᠴᠡᠭ ᠪᠡᠷ ᠪᠡᠭᠡᠵᠢᠩ ᠳ᠋ᠤ ᠪᠠᠷᠯᠠᠭᠰᠠᠨ ᠮᠣᠩᠭᠤᠯ 《 ᠳ᠋ᠠᠨᠵᠤᠤᠷ》 ᠤᠨ ᠪᠦᠷᠢᠨ ᠢᠵᠢ ᠵᠢ ᠨᠤᠲᠤᠭ ᠲᠤ ᠪᠠᠨ ᠵᠠᠯᠠᠭᠰᠠᠨ᠂20ᠳ᠋ᠤᠭᠠᠷ ᠵᠠᠭᠤᠨ ᠤ ᠭᠤᠴᠢᠭᠠᠳ ᠤᠨ ᠪᠤᠯᠲᠠᠯ ᠠ ᠬᠠᠷᠠᠴᠢᠨ ᠲᠤᠮᠳᠠᠳᠤ ᠬᠤᠰᠢᠭᠤ ᠪᠠ ᠬᠠᠷᠠᠴᠢᠨ ᠪᠠᠷᠠᠭᠤᠨ ᠬᠤᠰᠢᠭᠤᠨ ᠤ ᠰᠦᠮ ᠠ ᠬᠡᠢᠢᠳ ᠲᠦ ᠮᠣᠩᠭᠤᠯ ᠲᠷᠦᠪᠡᠳ《 ᠭᠠᠨᠵᠤᠤᠷ》 《 ᠳ᠋ᠠᠨᠵᠤᠤᠷ》 ᠬᠠᠳᠠᠭᠠᠯᠵᠤ ᠪᠠᠢᠭᠰᠠᠨ᠃ ᠬᠠᠷᠠᠴᠢᠨ ᠲᠤᠮᠳᠠᠳᠤ ᠬᠤᠰᠢᠭᠤᠨ ᠤ ᠦᠯᠵᠡᠢᠢᠲᠦ ᠨᠣᠮ ᠤᠨ ᠢᠷᠦᠭᠡᠯᠲᠦ ᠰᠦᠮ ᠠ ᠨᠢ ᠵᠢᠯ ᠪᠦᠷᠢ ᠮᠣᠩᠭᠤᠯ ᠲᠦᠪᠡᠳ《 ᠭᠠᠨᠵᠤᠤᠷ》 《 ᠳ᠋ᠠᠨᠵᠤᠷ》 ᠤᠨ ᠨᠣᠮ ᠤᠨ ᠬᠤᠷᠠᠯ ᠢ ᠲᠤᠭᠲᠠᠮᠠᠯ ᠬᠤᠷᠠᠯᠳᠤᠭᠤᠯᠵᠤ ᠪᠠᠢᠭᠰᠠᠨ ᠵᠡᠷᠭᠡ ᠪᠤᠳᠠᠳᠤ ᠲᠡᠦᠭᠡᠨ ᠬᠡᠷᠡᠭ ᠶᠠᠪᠤᠳᠠᠯ ᠢᠢᠡᠷ ᠲᠠᠮᠵᠢᠭᠤᠯᠵᠤ᠂ ᠴᠢᠩ ᠤᠯᠤᠰ ᠤᠨ ᠦᠶ ᠠ ᠶᠢᠨ ᠬᠠᠷᠠᠴᠢᠨ ᠮᠣᠩᠭᠤᠯᠴᠤᠳ ᠪᠠ ᠮᠣᠩᠭᠤᠯ 《 ᠭᠠᠨᠵᠤᠤᠷ》 《ᠳ᠋ᠠᠨᠵᠤᠤᠷ》 ᠰᠣᠳᠤᠷ ᠯᠤᠭ᠎ᠠ ᠶᠢᠨ ᠰᠢᠲᠦᠨ ᠪᠠᠷᠢᠯᠳᠤᠯᠭ᠎ᠠ ᠵᠢ ᠨᠤᠲᠠᠯᠠᠨ ᠰᠢᠨᠵᠢᠯᠡᠵᠡᠢ᠃ |
Original Literature |
View Original Paper
|
出自 |
内蒙古师范大学学报
2020年
第1期
|