Title |
ᠴᠢᠩ ᠤᠯᠤᠰ ᠤᠨ ᠦᠶ᠎ᠡ ᠶᠢᠨ ᠨᠠᠢᠷᠠᠯᠲᠤ ᠨᠠᠢᠷᠠᠮᠳᠠᠬᠤ ᠤᠷᠲᠤ ᠪᠠ ᠮᠣᠩᠭᠤᠯ ᠬᠤᠰᠢᠭᠤᠳ ᠠᠴᠠ ᠲᠤᠮᠢᠯᠠᠭᠰᠠᠨ ᠯᠠᠮᠠ ᠨᠠᠷ |
Creator |
ᠪᠤᠤ ᠼᠠᠢ ᠬᠤᠩ |
Keyword |
ᠴᠢᠩ ᠤᠯᠤᠰ; ᠨᠠᠢᠷᠠᠯᠲᠤ ᠨᠠᠢᠷᠠᠮᠳᠠᠬᠤ ᠤᠷᠲᠤ; ᠮᠣᠩᠭᠤᠯ ᠬᠤᠰᠢᠭᠤᠳ ᠠᠴᠠ ᠲᠤᠮᠢᠯᠠᠭᠰᠠᠨ ᠯᠠᠮᠠ ᠪᠠᠨᠳᠢ; ᠬᠦᠨᠡᠰᠦᠨ ᠦ ᠮᠦᠩᠭᠦ |
Abstract |
ᠡᠳᠦᠭᠡ ᠶᠢᠨ ᠪᠡᠭᠡᠵᠢᠩ ᠬᠤᠲᠠ ᠶᠢᠨ ᠨᠠᠢᠷᠠᠯᠲᠤ ᠨᠠᠢᠷᠠᠮᠳᠠᠬᠤ ᠤᠷᠲᠤ ᠪᠤᠯ ᠮᠢᠩ ᠤᠯᠤᠰ ᠤᠨ ᠦᠶ ᠡ ᠳᠦ ᠬᠠᠭᠠᠨ ᠤ ᠤᠷᠲᠤ ᠳᠤ ᠦᠢᠯᠡᠴᠢᠯᠡᠳᠡᠭ ᠲᠠᠢᠭᠠᠨ ᠨᠠᠷ ᠤᠨ ᠰᠠᠭᠤᠳᠠᠭ ᠭᠠᠵᠠᠷ ᠪᠠᠢᠵᠠᠢ᠃ ᠡᠩᠬᠡ ᠠᠮᠤᠭᠤᠯᠠᠩ ᠤᠨ ᠭᠤᠴᠢᠨ ᠭᠤᠷᠪᠠᠳᠤᠭᠠᠷ ᠣᠨ (1694) ᠳᠤ᠂ ᠡᠩᠬᠡ ᠠᠮᠤᠭᠤᠯᠠᠩ ᠬᠠᠭᠠᠨ ᠲᠡᠭᠦᠨ ᠦ ᠲᠦᠳᠦᠭᠡᠷ ᠬᠦᠪᠡᠭᠦᠨ ᠶᠢᠨ ᠵᠧᠨ ᠳᠤ ᠬᠤᠪᠢᠶᠠᠨ ᠦᠭᠭᠦᠭᠰᠡᠨ ᠲᠤᠯᠠ 《ᠵᠧᠨ ᠪᠠᠢᠯ᠎ᠠ ᠶᠢᠨ ᠤᠷᠲᠤ》(衤真贝勒府)ᠬᠡᠮᠡᠪᠡ᠃ ᠡᠩᠬᠡ ᠠᠮᠤᠭᠤᠯᠠᠩ ᠤᠨ ᠳᠦᠴᠢᠨ ᠨᠠᠢᠮᠠᠳᠤᠭᠠᠷ ᠣᠨ (1709) ᠳᠤ᠂ ᠪᠠᠢᠯ᠎ᠠ ᠶᠢᠨ ᠵᠧᠨ ᠵᠡᠷᠭᠡ ᠳᠡᠪᠰᠢᠵᠦ ᠬᠤᠱᠤᠢ ᠶᠦᠩ ᠴᠢᠨ ᠸᠠᠩ ᠪᠤᠯᠵᠤ᠂ ᠲᠡᠭᠦᠨ ᠦ ᠰᠠᠭᠤᠭ᠎ᠠ ᠤᠷᠲᠤ ᠶᠢ 《ᠶᠦᠩ ᠴᠢᠨ ᠸᠠᠩ ᠤᠨ ᠣᠷᠳᠤᠨ》(雍亲王府)ᠬᠡᠮᠡᠨ ᠨᠡᠷᠡᠯᠡᠵᠡᠢ᠃ ᠡᠩᠬᠡ ᠠᠮᠤᠭᠤᠯᠠᠩ ᠤᠨ ᠵᠢᠷᠠᠨ ᠨᠢᠭᠡᠳᠦᠭᠡᠷ ᠣᠨ (1722) ᠳᠤ᠂ ᠶᠦᠩ ᠴᠢᠨ ᠸᠠᠩ ᠪᠠᠷ ᠴᠢᠩ ᠤᠯᠤᠰ ᠤᠨ ᠬᠠᠭᠠᠨ ᠰᠠᠭᠤᠷᠢᠨ ᠢ ᠵᠠᠯᠭᠠᠮᠵᠢᠯᠠᠵᠤ᠂ ᠬᠠᠭᠠᠨ ᠤ ᠣᠷᠳᠤᠨ ᠳᠤ ᠰᠢᠯᠵᠢᠵᠦ ᠰᠠᠭᠤᠭᠰᠠᠨ ᠠᠴᠠ 《ᠶᠦᠩ ᠴᠢᠨ ᠸᠠᠩ ᠤᠨ ᠣᠷᠳᠤᠨ》 ᠨᠢ ᠰᠤᠯᠠ ᠪᠤᠯᠪᠠ᠃ ᠨᠠᠢᠷᠠᠯᠲᠤ ᠲᠦᠪ ᠦᠨ ᠭᠤᠷᠪᠠᠳᠤᠭᠠᠷ ᠣᠨ (1725) ᠳᠤ᠂ ᠨᠠᠢᠷᠠᠯᠲᠤ ᠲᠦᠪ ᠬᠠᠭᠠᠨ ᠦᠪᠡᠷ ᠦᠨ ᠰᠠᠭᠤᠵᠤ ᠪᠠᠢᠭᠰᠠᠨ 《ᠶᠦᠩ ᠴᠢᠨ ᠸᠠᠩ ᠤᠨ ᠣᠷᠳᠤᠨ》 ᠢᠶᠠᠨ 《ᠰᠤᠯᠠ ᠤᠷᠲᠤ》(行宫)ᠪᠤᠯᠭᠠᠨ ᠳᠡᠭᠡᠭᠰᠢᠯᠡᠭᠦᠯᠬᠦ ᠶᠢᠨ ᠬᠠᠮᠲᠤ 《ᠨᠠᠢᠷᠠᠯᠲᠤ ᠨᠠᠢᠷᠠᠮᠳᠠᠬᠤ ᠤᠷᠲᠤ》 ᠬᠡᠮᠡᠬᠦ ᠨᠡᠷ᠎ᠡ ᠶᠢ ᠱᠠᠩᠨᠠᠵᠠᠢ᠃ ᠲᠡᠭᠷᠢ ᠶᠢᠨ ᠲᠡᠳᠭᠦᠭᠰᠡᠨ ᠦ ᠶᠢᠰᠦᠳᠦᠭᠡᠷ ᠣᠨ (1744) ᠳᠤ᠂ ᠲᠡᠭᠷᠢ ᠶᠢᠨ ᠲᠡᠳᠭᠦᠭᠰᠡᠨ ᠬᠠᠭᠠᠨ ᠪᠠᠷ ᠵᠠᠷᠯᠢᠭ ᠪᠠᠭᠤᠯᠭᠠᠨ ᠨᠠᠢᠷᠠᠯᠲᠤ ᠨᠠᠢᠷᠠᠮᠳᠠᠬᠤ ᠤᠷᠲᠤ ᠶᠢ ᠵᠢᠩᠬᠢᠨᠢ ᠪᠡᠷ ᠳᠡᠭᠡᠳᠦ ᠯᠠᠮᠠ ᠬᠤᠸᠠᠷᠠᠭ ᠢ ᠪᠡᠶ᠎ᠡ ᠳᠡᠭᠡᠨ ᠲᠠᠲᠠᠵᠤ᠂ ᠯᠠᠮᠠ ᠶᠢᠨ ᠱᠠᠰᠢᠨ ᠢ ᠠᠰᠢᠭᠯᠠᠵᠤ ᠤᠯᠤᠰ ᠲᠦᠷᠦ ᠳᠡᠭᠡᠨ ᠦᠢᠯᠡᠴᠢᠯᠡᠭᠦᠯᠬᠦ ᠶᠢᠨ ᠲᠦᠯᠦᠭᠡ ᠶᠤᠮ᠃ |
Original Literature |
View Original Paper
|
出自 |
中国蒙古学
2015年
第1期
|