Title |
ᠬᠦᠬᠡᠨᠠᠭᠤᠷ ᠤᠨ ᠾᠧᠨᠠᠨ ᠮᠣᠩᠭᠤᠯᠴᠤᠳ ᠤᠨ ᠲᠦᠷᠦᠯ ᠰᠠᠲᠤᠨ ᠤ ᠳᠠᠭᠤᠳᠠᠯᠭ᠎ᠠ ᠶᠢᠨ ᠣᠨᠴᠠᠯᠢᠭ ᠬᠢᠭᠡᠳ ᠰᠤᠶᠤᠯ ᠤᠨ ᠠᠭᠤᠯᠤᠭᠳᠠᠬᠤᠨ |
Creator |
ᠯᠢ ᠰᠢᠦ ᠯᠠᠨ |
Keyword |
ᠾᠧᠨᠠᠨ ᠮᠣᠩᠭᠤᠯᠴᠤᠳ; ᠲᠦᠷᠦᠯ ᠰᠠᠲᠤᠨ ᠤ ᠳᠠᠭᠤᠳᠠᠯᠭ᠎ᠠ; ᠣᠨᠴᠠᠯᠢᠭ; ᠰᠤᠶᠤᠯ ᠤᠨ ᠠᠭᠤᠯᠤᠭᠳᠠᠬᠤᠨ |
Abstract |
ᠶᠠᠮᠠᠷ ᠨᠢᠭᠡᠨ ᠦᠨᠳᠦᠰᠦᠲᠡᠨ ᠪᠤᠶᠤ ᠠᠢᠮᠠᠭ ᠪᠦᠯᠦᠭ ᠪᠦᠷ ᠬᠦᠮᠦᠨ ᠬᠦᠮᠦᠨ ᠦ ᠬᠤᠭᠤᠷᠤᠨᠳᠤᠬᠢ ᠲᠦᠷᠦᠯ ᠰᠠᠲᠤᠨ ᠤ ᠬᠠᠷᠢᠴᠠᠭ᠎ᠠ ᠶᠢ ᠢᠯᠡᠳᠭᠡᠭᠰᠡᠨ ᠲᠦᠷᠦᠯ ᠰᠠᠲᠤᠨ ᠤ ᠳᠠᠭᠤᠳᠠᠯᠭ᠎ᠠ ᠶᠢᠨ ᠰᠢᠰᠲ᠋ᠧᠮ ᠲᠡᠢ ᠪᠠᠢᠳᠠᠭ ᠮᠦᠷᠲᠡᠭᠡᠨ ᠡᠨᠡ ᠬᠦ ᠳᠠᠭᠤᠳᠠᠯᠭ᠎ᠠ ᠶᠢᠨ ᠰᠢᠰᠲ᠋ᠧᠮ ᠨᠢ ᠴᠦ ᠲᠤᠬᠠᠢ ᠶᠢᠨ ᠠᠢᠮᠠᠭ ᠪᠦᠯᠦᠭ ᠦᠨ ᠨᠡᠢᠭᠡᠮ ᠰᠤᠶᠤᠯ ᠤᠨ ᠣᠨᠴᠠᠯᠢᠭ ᠢ ᠳᠤᠰᠬᠠᠳᠠᠭ᠃ ᠬᠦᠬᠡᠨᠠᠭᠤᠷ ᠤᠨ ᠾᠧᠨᠠᠨ ᠮᠣᠩᠭᠤᠯᠴᠤᠳ ᠤᠷᠲᠤ ᠬᠤᠭᠤᠴᠠᠭ᠎ᠠ ᠪᠠᠷ ᠲᠦᠪᠡᠳ ᠦᠨᠳᠦᠰᠦᠲᠡᠨ ᠲᠡᠢ ᠬᠦᠷᠰᠢᠯᠡᠵᠦ ᠲᠦᠪᠡᠳ ᠦᠨᠳᠦᠰᠦᠲᠡᠨ ᠦ ᠰᠤᠶᠤᠯ ᠤᠨ ᠨᠦᠯᠦᠭᠡ ᠶᠢ ᠭᠦᠨ ᠬᠦᠷᠲᠡᠭᠰᠡᠨ ᠶᠤᠮ᠃ ᠦᠭᠦᠯᠡᠯ ᠳᠦ᠂ ᠾᠧᠨᠠᠨ ᠮᠣᠩᠭᠤᠯᠴᠤᠳ ᠤᠨ ᠲᠦᠷᠦᠯ ᠰᠠᠲᠤᠨ ᠤ ᠳᠠᠭᠤᠳᠠᠯᠭ᠎ᠠ ᠶᠢᠨ ᠲᠤᠬᠠᠢ ᠠᠵᠢᠭᠯᠠᠯᠲᠠ ᠬᠢᠵᠦ᠂ ᠾᠧᠨᠠᠨ ᠮᠣᠩᠭᠤᠯᠴᠤᠳ ᠤᠨ ᠲᠦᠷᠦᠯ ᠰᠠᠲᠤᠨ ᠤ ᠳᠠᠭᠤᠳᠠᠯᠭ᠎ᠠ ᠨᠢ ᠬᠡᠳᠦᠢᠪᠡᠷ ᠬᠦᠷᠰᠢ ᠵᠡᠷᠭᠡᠯᠡᠳᠡᠭᠡ ᠲᠦᠪᠡᠳ ᠦᠨᠳᠦᠰᠦᠲᠡᠨ ᠦ ᠨᠦᠯᠦᠭᠡ ᠶᠢ ᠬᠦᠷᠲᠡᠭᠰᠡᠨ ᠪᠤᠯᠪᠠᠴᠤ ᠲᠡᠭᠦᠨ ᠦ ᠡᠭᠦᠰᠦᠯ ᠬᠦᠭᠵᠢᠯ ᠨᠢ ᠦᠪᠡᠷ ᠦᠨ ᠢᠶᠡᠨ ᠰᠤᠶᠤᠯ ᠤᠨ ᠠᠭᠤᠯᠤᠭᠳᠠᠬᠤᠨ ᠲᠠᠢ ᠪᠠᠢᠵᠤ᠂ ᠦᠪᠡᠷᠮᠢᠴᠡ ᠣᠨᠴᠠᠯᠢᠭ ᠪᠦᠬᠦᠢ ᠲᠦᠷᠦᠯ ᠰᠠᠲᠤᠨ ᠤ ᠳᠠᠭᠤᠳᠠᠯᠭ᠎ᠠ ᠶᠢᠨ ᠰᠢᠰᠢᠲ᠋ᠧᠮ ᠢ ᠪᠦᠷᠢᠯᠳᠦᠭᠦᠯᠦᠭᠰᠡᠨ ᠶᠤᠮ ᠭᠡᠵᠦ ᠦᠵᠡᠪᠡ᠃ |
Original Literature |
View Original Paper
|
出自 |
中国蒙古学
2016年
第3期
|