Abstract |
ᠤᠢᠭᠤᠷᠵᠢᠨ ᠮᠣᠩᠭᠤᠯ ᠦᠰᠦᠭ ᠤᠨ ᠡᠭᠦᠰᠦᠯ ᠭᠠᠷᠤᠯ᠂ ᠰᠠᠭᠤᠷᠢ ᠠᠶᠠᠯᠭᠤ᠂ ᠴᠠᠭᠠᠨ ᠲᠤᠯᠤᠭᠠᠢ᠂ ᠪᠢᠴᠢᠯᠭᠡ ᠲᠠᠭᠤᠳᠠᠯᠭ᠎ᠠ᠂ ᠦᠰᠦᠭ ᠤᠨ ᠲᠦᠷᠢᠮ ᠵᠢᠴᠢ ᠲᠡᠬᠦᠨ ᠤ ᠵᠤᠬᠢᠶᠠᠭᠴᠢ ᠶᠢᠨ ᠲᠤᠬᠠᠢ ᠤᠳᠤᠬᠠᠨ ᠳ᠋ᠤ ᠡᠷᠲᠡᠮ ᠰᠢᠨᠵᠢᠯᠭᠡᠨ ᠤ ᠬᠦᠷᠢᠶ ᠠ ᠴᠠᠷᠠᠭᠠᠨ ᠳ᠋ᠤ1.ᠤᠢᠭᠤᠷᠵᠢᠨ ᠮᠣᠩᠭᠤᠯ ᠦᠰᠦᠭ ᠨᠢ 13ᠳ᠋ᠤᠭᠠᠷ ᠵᠠᠭᠤᠨ ᠤ ᠡᠬᠢᠨ ᠳ᠋ᠤ ᠤᠢᠭᠤᠷ ᠦᠰᠦᠭ ᠡᠴᠡ ᠠᠪᠤᠭᠰᠠᠨ《800ᠵᠢᠯ ᠤᠨ ᠲᠡᠦᠭᠡ ᠲᠠᠢ》 ᠭᠡᠬᠦ ᠦᠵᠡᠯᠲᠡ᠂ 2.10 ᠳ᠋ᠤᠭᠠᠷ ᠵᠠᠭᠤᠨ ᠤ ᠦᠶ ᠠ ᠳ᠋ᠤ ᠤᠢᠭᠤᠷᠤᠳ ᠲᠠᠢ ᠬᠦᠷᠰᠢ ᠪᠠᠢᠭᠰᠠᠨ ᠮᠣᠩᠭᠤᠯ ᠤᠨ ᠶᠠᠮᠠᠷ ᠨᠢᠭᠡᠨ ᠠᠢᠮᠠᠭ ᠤᠷᠢᠳ ᠢᠢᠡᠷ ᠤᠢᠭᠤᠷ ᠦᠰᠦᠭ ᠡᠴᠡ ᠵᠢᠭᠡᠯᠡᠨ ᠠᠪᠤᠭᠰᠠᠨ《1000ᠵᠢᠯᠤᠨ ᠲᠡᠦᠭᠡ ᠲᠠᠢᠭᠡᠬᠦ ᠦᠵᠡᠯᠲᠡ;3.6-7ᠳ᠋ᠤᠭᠠᠷ ᠵᠠᠭᠤᠨ ᠳ᠋ᠤ ᠮᠣᠩᠭᠤᠯᠴᠤᠳ ᠤᠢᠭᠤᠷᠴᠤᠳ ᠤᠨ ᠵᠡᠷᠭᠡ ᠪᠡᠷ ᠰᠤᠭᠲᠠ ᠦᠰᠦᠭ ᠡᠴᠡ ᠵᠢᠭᠡᠯᠡᠨ ᠠᠪᠤᠭᠰᠠᠨ《1500 ᠵᠢᠯ ᠤᠨ ᠲᠡᠦᠭᠡ ᠲᠡᠢ》 ᠭᠡᠬᠦ ᠵᠡᠷᠭᠡ ᠠᠳᠠᠯᠢ ᠪᠤᠰᠤ ᠦᠵᠡᠯᠲᠡ ᠤᠷᠤᠰᠢᠵᠤ ᠪᠤᠢ᠃ ᠡᠭᠦᠨ ᠳ᠋ᠤ ᠨᠢᠭᠡᠳᠦᠭᠡᠷ ᠦᠵᠡᠯᠲᠡ ᠨᠢ ᠪᠤᠳᠠᠳᠤ ᠭᠡᠷᠡᠴᠢ ᠪᠠᠷᠢᠮᠲᠠ ᠲᠠᠢ ᠲᠤᠯᠠ ᠢᠲᠡᠭᠡᠭᠦᠯᠬᠦ ᠬᠦᠴᠦᠨ ᠢᠢᠡᠷ ᠴᠢᠩᠭ᠎ᠠ ᠪᠠᠢᠳᠠᠭ᠃ ᠬᠤᠶᠠᠷ᠂ ᠭᠤᠷᠪᠠᠳᠤᠭᠠᠷ ᠦᠵᠡᠯᠲᠡ ᠨᠢ ᠪᠤᠳᠠᠳᠤ ᠪᠠᠷᠢᠮᠲᠠ ᠪᠠᠢᠬᠤ ᠦᠭᠡᠢ᠂ ᠲᠤᠭᠠᠮᠠᠭᠯᠠᠯ ᠲᠡᠳᠦᠢ ᠪᠤᠯᠵᠤ᠂ ᠤᠢᠭᠤᠷᠵᠢᠨ ᠮᠣᠩᠭᠤᠯᠪ ᠦᠰᠦᠭ ᠤᠨ ᠰᠣᠳᠤᠯᠭᠠᠨ ᠢ ᠲᠦᠭᠡᠷᠢᠯ ᠤᠷᠲᠤᠨ ᠳ᠋ᠤ ᠤᠷᠤᠭᠤᠯᠵᠠᠢ᠃ |