Title |
ᠤᠯᠠᠨ ᠨᠡᠢᠲᠡᠴᠢ ᠵᠠᠭᠤᠴᠢᠯᠠᠭᠤᠷ ᠲᠡᠬᠢ ᠮᠣᠩᠭᠤᠯ ᠬᠡᠯᠡ ᠰᠣᠶᠣᠯ ᠤᠨ ᠲᠠᠬᠢᠨ ᠢᠯᠡᠷᠡᠯ ᠤᠨ ᠲᠤᠬᠠᠢ-ᠮᠣᠩᠭᠤᠯ ᠲᠸᠯᠸᠢᠰ ᠤᠨ 2018ᠣᠨ ᠤ ᠴᠠᠭᠠᠨ ᠰᠠᠷ ᠠ ᠶᠢᠨ ᠦᠳᠡᠰᠢᠯᠡᠭᠡ ᠶᠢᠨ ᠵᠢᠱᠢᠶᠡᠨ ᠲᠡᠭᠡᠷ ᠠ |
Creator |
ᠤᠷᠢᠬᠠᠨ |
Keyword |
ᠵᠠᠭᠤᠴᠢᠯᠠᠭᠤᠷ; ᠬᠡᠡᠯ ᠰᠣᠶᠣᠯ; ᠮᠣᠩᠭᠤᠯ ᠤᠳᠤᠨ ᠲᠸᠯᠸᠢᠰ; ᠴᠠᠭᠠᠨ ᠰᠠᠷ ᠠ ᠶᠢᠨ ᠦᠳᠡᠰᠢᠯᠡᠭᠡ |
Abstract |
ᠤᠯᠠᠨ ᠨᠡᠢᠲᠡᠴᠢ ᠵᠠᠭᠤᠴᠢᠯᠠᠭᠤᠷ ᠢᠢᠡᠷ ᠲᠠᠮᠵᠢᠵᠦ ᠢᠯᠡᠷᠡᠭᠰᠡᠨ ᠪᠡᠯᠭᠡᠳᠡᠯ ᠤᠨ ᠰᠢᠨᠵᠢ ᠪᠦᠬᠦᠢ ᠬᠡᠯᠡ ᠰᠣᠶᠣᠯ ᠤᠨ ᠤᠳᠬ ᠠ ᠰᠡᠳᠦᠪ ᠨᠢ ᠬᠦᠮᠦᠰ ᠤᠨ ᠬᠡᠡᠯ ᠰᠣᠶᠣᠯ ᠤᠨ ᠲᠤᠬᠠᠢ ᠲᠦᠰᠦᠭᠡᠯᠡᠯ ᠢ ᠪᠤᠢ ᠪᠤᠯᠭᠠᠵᠤ ᠪᠠᠢᠳᠠᠭ᠃ ᠠᠭᠤᠯᠭ᠎ᠠ ᠶᠢᠨ ᠵᠠᠳᠠᠯᠠᠯᠲᠠ ᠶᠢᠨ ᠠᠷᠭ᠎ᠠ ᠵᠢ ᠰᠤᠩᠭᠤᠵᠤ《 ᠰᠣᠶᠣᠯ ᠤᠨ ᠲᠤᠭᠯᠠᠯᠲᠠ》 ᠪᠤᠯᠤᠭᠰᠠᠨ ᠮᠣᠩᠭᠤᠯ ᠤᠳᠤᠨ ᠲᠸᠯᠸᠰ ᠤᠨ 2018ᠣᠨ ᠤ ᠴᠠᠭᠠᠨ ᠰᠠᠷ ᠠ ᠶᠢᠨ ᠦᠳᠡᠰᠢᠯᠡᠭᠡ ᠳ᠋ᠤ ᠢᠯᠡᠷᠡᠭᠰᠡᠨ ᠬᠡᠯᠡ ᠰᠣᠶᠣᠯ ᠯᠤᠭ᠎ᠠ ᠬᠠᠮᠢᠶ ᠠ ᠪᠦᠬᠦᠢ ᠠᠭᠤᠯᠭ᠎ᠠ ᠰᠡᠳᠦᠪ ᠤᠨ ᠲᠤᠬᠠᠢ ᠪᠦᠷᠢᠳᠭᠡᠯ ᠡᠴᠡ ᠰᠢᠨᠵᠢᠭᠰᠡᠨ ᠢᠢᠡᠷ᠂ ᠵᠠᠭᠤᠴᠢᠯᠠᠭᠤᠷ ᠲᠤ ᠲᠠᠬᠢᠨ ᠢᠯᠡᠷᠡᠭᠰᠡᠨ ᠬᠡᠯᠡ ᠰᠣᠶᠣᠯ ᠨᠢ ᠠᠮᠢᠳᠤᠷᠠᠯ ᠠᠬᠤᠢ ᠲᠤᠮᠳᠠᠬᠢ ᠬᠡᠡᠯ ᠰᠣᠶᠣᠯ ᠤᠨ ᠤᠷᠤᠰᠢᠬᠤᠢ ᠪᠠᠢᠳᠠᠯ ᠢ ᠦᠨᠡᠨ ᠪᠤᠳᠠᠳᠠᠢ ᠪᠡᠷ ᠲᠤᠰᠬᠠᠭᠰᠠᠨ ᠦᠭᠡᠢ ᠂ ᠬᠠᠷᠢᠨ ᠬᠦᠮᠦᠰ ᠤᠨ ᠬᠡᠯᠡ ᠰᠣᠶᠣᠯ ᠢᠢᠡᠨ ᠵᠠᠯᠭᠠᠮᠵᠢᠯᠠᠨ ᠴᠠᠭᠠᠰᠢᠯᠠᠨ ᠭᠦᠭᠵᠢᠬᠦᠯᠬᠦ ᠭᠡᠰᠡᠨ ᠬᠦᠰᠡᠯ ᠵᠤᠷᠢᠯᠲᠠ ᠵᠢ ᠭᠤᠤᠯᠴᠢᠯᠠᠨ ᠬᠠᠷᠠᠭᠤᠯᠤᠭᠰᠠᠨ ᠪᠠᠢᠭ᠎ᠠ ᠶᠣᠮ᠃ ᠪᠤᠳᠠᠳᠤ ᠠᠬᠤᠢ ᠳ᠋ᠡᠬᠢ ᠬᠡᠯᠡ ᠰᠣᠶᠣᠯ ᠨᠢ ᠬᠡᠷᠡᠭᠯᠡᠭᠡᠨ ᠤ ᠰᠢᠨᠵᠢ ᠲᠠᠢ ᠪᠠᠢᠪᠠᠯ᠂ ᠵᠠᠭᠤᠴᠢᠯᠠᠭᠤᠷ ᠢᠢᠡᠷ ᠲᠠᠬᠢᠨ ᠢᠯᠡᠷᠡᠭᠰᠡᠨ ᠬᠡᠯᠡ ᠰᠣᠶᠣᠯ ᠨᠢ ᠲᠡᠮᠳᠡᠭ ᠪᠤᠶᠤ ᠪᠡᠯᠭᠡᠳᠡᠯ ᠤᠨ ᠦᠨ᠎ᠠ ᠦᠷᠲᠡᠭ ᠢ ᠢᠯᠡᠭᠦᠦ ᠴᠢᠬᠤᠯᠴᠠᠢᠯᠠᠳᠠᠭ᠃ |
Original Literature |
No Original Paper
|
出自 |
蒙古学研究
2018年
第4期
|