Title |
ᠽᠠᠶ᠎ᠠ ᠪᠠᠨᠳᠢᠳᠠ ᠯᠤᠪᠰᠠᠩᠫᠠᠷᠠᠩᠯᠠᠢ ᠪᠡ ᠲᠡᠬᠦᠨ ᠤ ᠲᠠᠢᠯᠪᠤᠷᠢ ᠵᠤᠬᠢᠶᠠᠯ ᠳ᠋ᠡᠬᠢ ᠵᠠᠷᠢᠮ ᠵᠢᠱᠢᠶ᠎ᠡ ᠰᠢᠯᠤᠭ᠌ ᠤᠨ ᠲᠤᠬᠠᠢ |
Creator |
ᠸᠠᠩ ᠮᠠᠨᠳᠤᠭ᠎ᠠ |
Keyword |
ᠯᠤᠪᠰᠠᠩᠫᠠᠷᠠᠩᠯᠠᠢ; ᠵᠤᠬᠢᠰᠳᠤ ᠠᠶᠯᠠᠬ᠋ᠤ ᠶᠢᠨ ᠲᠤᠯᠢ; ᠤᠳᠬ᠎ᠠ ᠶᠢᠨ ᠴᠢᠮᠡᠭ; ᠦᠯᠢᠭᠡᠷ ᠦᠬᠦᠯᠡᠬᠦᠢ |
Abstract |
ᠯᠤᠪᠰᠠᠩᠫᠠᠷᠠᠩᠯᠠᠢ ᠪᠤᠯ ᠮᠤᠩᠭᠤᠯᠴᠤᠳ ᠤᠨ ᠲᠤᠳᠤᠷ᠎ᠠ ᠡᠴᠨ ᠬᠠᠮᠤᠭ ᠲᠡᠷᠢᠭᠦᠨ ᠳᠤ《 ᠵᠤᠬᠢᠰᠳᠤ ᠠᠶᠠᠯᠬ᠋ᠤ ᠶᠢᠨ ᠲᠤᠯᠢ》 ᠳᠤ ᠲᠠᠢᠯᠪᠤᠷᠢ ᠪᠢᠴᠢᠵᠦ ᠵᠢᠱᠢᠶ᠎ᠡ ᠰᠢᠯᠦᠭ ᠢ ᠲᠦᠪᠡᠳ ᠬᠡᠯᠡᠨ ᠪᠡᠷ ᠵᠤᠬᠢᠶᠠᠭᠰᠠᠨ ᠬᠦᠮᠦᠨ ᠶᠤᠮ᠃ ᠲᠡᠬᠦᠨ ᠤ ᠪᠢᠴᠢᠭᠰᠡᠨ 《 ᠤᠳᠬ᠎ᠠ ᠶᠢᠨ ᠭᠤᠴᠢᠨ ᠲᠠᠪᠤᠨ ᠴᠢᠮᠡᠭ ᠤᠨ ᠦᠯᠢᠭᠡᠷ ᠦᠭᠦᠯᠡᠬᠦᠢ ᠡᠰᠡᠷᠤᠡ ᠶᠢᠨ ᠬᠦᠪᠡᠬᠦᠨ ᠢ ᠪᠠᠶᠠᠰᠬᠠᠬᠤᠢ ᠡᠭᠡᠰᠢᠭ ᠲᠠᠭ᠋ᠤᠨ》 ᠬᠡᠮᠡᠬᠦ《 ᠵᠤᠬᠢᠰᠳᠤ ᠠᠶᠠᠯᠬ᠋ᠤ ᠶᠢᠨ ᠲᠤᠯᠢ》᠋ ᠶᠢᠨ ᠬᠤᠶᠠᠳᠤᠭ᠋ᠠᠷ ᠪᠦᠯᠦᠭ ᠤᠨ ᠤᠳᠬ᠎ᠠ ᠵᠢ ᠲᠤᠳᠤᠷᠬᠠᠢᠯᠠᠭᠰᠠᠨ ᠲᠠᠢᠯᠪᠤᠷᠢ ᠵᠤᠬᠢᠶᠠᠯ ᠪᠤᠯ ᠮᠤᠩᠭᠤᠯᠴᠤᠳ ᠤᠨ ᠤᠷᠠᠨ ᠵᠤᠬᠢᠶᠠᠯ ᠳᠤ ᠬᠢᠭᠰᠡᠨ ᠬᠠᠮᠤᠭ ᠠᠩᠬᠠᠨ ᠤ ᠰᠤᠳᠤᠯᠤᠭ᠎ᠠ ᠪᠤᠯᠬᠤ ᠶᠤᠮ᠃ ᠡᠢᠮᠦ ᠤᠴᠢᠷ ᠡᠴᠨ ᠪᠢᠳᠡ ᠦᠭᠦᠯᠡᠯ ᠳ᠋ᠡᠬᠡᠨ ᠤᠭᠠᠭ᠋ᠠᠨ ᠤ ᠲᠠᠪᠤᠨ ᠤᠷᠤᠨ ᠤ ᠢᠯᠭ᠋ᠤᠭᠰᠠᠨ ᠪᠠᠨᠳᠢᠳᠠ᠂ ᠮᠤᠩᠭᠤᠯ ᠤᠨ ᠨᠡᠷᠡᠳᠤ ᠡᠷᠳᠡᠮᠳᠡᠨ ᠬᠠᠯᠠᠬ᠎ᠠ ᠶᠢᠨ ᠽᠠᠶ᠎ᠠ ᠪᠠᠨᠳᠢᠳᠠ ᠯᠤᠪᠰᠠᠩᠫᠠᠷᠠᠩᠯᠠᠢ ᠶᠢᠨ ᠲᠠᠨᠳᠢ29 ᠨᠠᠰᠤᠨ ᠪᠢᠴᠢᠵᠦ ᠲᠤᠭ᠋ᠤᠷᠪᠢᠭᠰᠠᠨ ᠲᠠᠨᠳᠢᠨ ᠤ《ᠵᠤᠬᠢᠰᠳᠤ ᠠᠶᠠᠯᠬ᠋ᠤ ᠶᠢᠨ ᠲᠤᠯᠢ》 ᠬᠡᠮᠡᠡᠬᠦ ᠤᠳᠬ᠎ᠠ ᠵᠤᠬᠢᠶᠠᠯ ᠤᠨ ᠤᠨ᠋ᠤᠯ ᠤᠨ ᠨᠤᠮ ᠳᠤ ᠬᠢᠭᠰᠡᠨ ᠲᠠᠢᠯᠪᠤᠷᠢ ᠵᠤᠬᠢᠶᠠᠯ《 ᠤᠳᠬ᠎ᠠ ᠶᠢᠨ ᠭᠤᠴᠢᠨ ᠲᠠᠪᠤᠨ ᠴᠢᠮᠡᠭ ᠤᠨ ᠦᠯᠢᠭᠡᠷ ᠦᠭᠦᠯᠡᠬᠦᠢ ᠡᠰᠡᠷᠤᠡ ᠶᠢᠨ ᠬᠦᠪᠡᠭᠦᠨ ᠢ ᠪᠠᠶᠠᠰᠠᠬᠬᠤᠢ ᠡᠭᠡᠰᠢᠭ ᠲᠠᠭ᠋ᠤᠨ》 ᠳ᠋ᠡᠬᠢ ᠵᠠᠷᠢᠮ ᠵᠢᠱᠢᠶ᠎ᠡ ᠰᠢᠯᠦᠭ ᠲᠤ ᠠᠵᠢᠭᠯᠠᠯᠳᠠ ᠬᠢᠵᠦ᠂ ᠮᠤᠩᠭᠤᠯ ᠤᠷᠠᠨ ᠵᠤᠬᠢᠶᠠᠯ ᠤᠨ ᠤᠨ᠋ᠤᠯ ᠰᠢᠭᠦᠨᠮᠵᠢᠯᠡᠯ ᠤᠨ ᠲᠡᠤᠭᠡᠨ ᠳᠤ ᠯᠤᠪᠰᠠᠩᠫᠠᠷᠠᠩᠯᠠᠢ ᠶᠢᠨ ᠤᠷᠤᠭ᠋ᠤᠯᠤᠭᠰᠠᠨ ᠬᠤᠪᠢ ᠨᠡᠮᠡᠷᠢ ᠵᠢ ᠴᠡᠩᠨ᠋ᠡ᠋ᠨ ᠦᠨ᠋ᠡᠯᠡᠬᠦ ᠵᠢ ᠵᠤᠷᠢᠪᠠ᠃ |
Original Literature |
View Original Paper
|
出自 |
中国蒙古学
2014年
第4期
|