Abstract |
20ᠳ᠋ᠤᠭᠠᠷ ᠵᠠᠭᠤᠨ ᠤ 40ᠭᠡᠳ ᠣᠨ ᠡᠴᠡ ᠡᠬᠢᠯᠡᠨ《 ᠵᠠᠩᠭᠠᠷ》 ᠨᠢ ᠬᠠᠩᠭᠠᠷᠢ ᠶᠢᠨ ᠮᠣᠩᠭᠤᠯᠴᠢ ᠡᠷᠳᠡᠮᠲᠡᠳ ᠤᠨ ᠠᠩᠬᠠᠷᠤᠯ ᠳ᠋ᠤ ᠤᠷᠤᠵᠤ᠂ ᠰᠦᠫᠺᠠ ᠭᠸᠽᠠ ᠬᠠᠯᠤᠭ ᠤᠨ ᠠᠩᠬ ᠠ《 ᠵᠠᠩᠭᠠᠷ》 ᠢ ᠬᠠᠩᠭᠠᠷᠢ ᠬᠡᠯᠡᠨ ᠳ᠋ᠤ ᠣᠷᠴᠢᠭᠤᠯᠤᠭᠰᠠᠨ ᠪᠠᠢᠨ᠎ᠠ᠃20ᠳ᠋ᠤᠭᠠᠷ ᠵᠠᠭᠤᠨ ᠤ 50.60ᠭᠠᠳ ᠣᠨ ᠡᠴᠡ ᠨᠠᠭᠠᠰᠢ᠂ ᠯᠠᠶᠤᠱ ᠪᠸᠰᠸ᠂ ᠵᠤᠷᠵᠢ ᠺᠠᠷᠠ᠂ ᠯᠤᠷᠢᠨᠽᠠᠽ ᠯᠠᠰᠯᠤ᠂ ᠪᠸᠷᠲ᠋ᠠᠯᠠᠨ ᠠᠭᠨᠸᠱ ᠨᠠᠷ ᠮᠣᠩᠭᠤᠯ ᠨᠤᠲᠤᠭ ᠢᠢᠡᠷ ᠭᠡᠭᠡᠷ ᠠ ᠶᠢᠨ ᠰᠢᠨᠵᠢᠯᠡᠭᠡ ᠬᠢᠵᠦ 《ᠵᠠᠩᠭᠠᠷ》 ᠤᠨ ᠪᠦᠯᠦᠭ ᠤᠳ ᠢ ᠴᠤᠭᠯᠠᠭᠤᠯᠬᠤ ᠶᠢᠨ ᠵᠡᠷᠭᠡᠴᠡᠭᠡ ᠪᠡᠷ ᠭᠸᠷᠮᠠᠨ᠂ ᠠᠩᠯᠢ ᠵᠢᠴᠢ ᠬᠠᠩᠭᠠᠷᠢ ᠬᠡᠯᠡᠨ ᠳ᠋ᠤ ᠤᠷᠴᠢᠭᠤᠯᠵᠤ ᠪᠠᠢᠭᠰᠠᠨ ᠪᠦᠭᠡᠳ《 ᠵᠠᠩᠭᠠᠷ》 ᠤᠨ ᠰᠣᠶᠣᠯ ᠲᠡᠦᠬᠡ ᠶᠢᠨ ᠠᠭᠤᠯᠤᠭᠳᠠᠬᠤᠨ ᠢ ᠰᠣᠳᠤᠯᠤᠨ ᠰᠢᠨᠵᠢᠯᠡᠭᠰᠡᠭᠡᠷ ᠢᠷᠡᠵᠡᠢ᠃ |