Title |
ᠬᠠᠩᠬᠢᠨ ᠬᠤᠰᠢᠭᠤᠨ ᠤ ᠡᠯ ᠠ ᠵᠠᠰᠠᠭ ᠨᠤᠶᠠᠳ ᠤᠨ ᠦᠶ ᠠ ᠲᠠᠷᠠᠭᠠᠯᠠᠯ ᠵᠢᠴᠢ ᠵᠡᠷᠭᠡ ᠵᠠᠯᠭᠠᠮᠵᠢᠯᠠᠭᠰᠠᠨ ᠤᠨ ᠵᠢᠯ ᠤᠨ ᠲᠤᠬᠠᠢ |
Creator |
ᠰᠠᠷᠠᠨ᠎ᠠ |
Keyword |
ᠬᠠᠩᠬᠢᠨ ᠬᠤᠰᠢᠭᠤ; ᠡᠯ ᠠ ᠵᠠᠰᠠᠭ ᠨᠤᠶᠠᠳ; ᠦᠶ ᠠ ᠲᠠᠷᠠᠭᠠᠯᠠᠯ; ᠵᠠᠯᠭᠠᠮᠵᠢᠯᠠᠭᠰᠠᠨ ᠤᠨ ᠵᠢᠯ |
Abstract |
ᠴᠢᠩ ᠤᠯᠤᠰ ᠤᠨ ᠦᠶ ᠠ ᠶᠢᠨ ᠬᠠᠩᠬᠢᠨ ᠬᠤᠰᠢᠭᠤ( ᠤᠷᠳᠤᠰ ᠤᠨ ᠪᠠᠷᠠᠭᠤᠨ ᠭᠠᠷᠤᠨ ᠬᠤᠢᠲᠤ ᠬᠤᠰᠢᠭᠤ) ᠨᠢ ᠡᠶᠠᠪᠡᠷ ᠵᠠᠰᠠᠭᠴᠢ ᠶᠢᠨ ᠵᠢᠷᠭᠤᠳᠤᠭᠠᠷ ᠤᠨ(1649) ᠳ᠋ᠤ ᠪᠠᠢᠭᠤᠯᠤᠭᠳᠠᠨ᠂ ᠪᠠᠭ᠎ᠠ ᠵᠠᠮᠰᠤ ᠶᠢᠨ ᠠᠩᠬᠠᠨ ᠤ ᠵᠠᠰᠠᠭ ᠨᠤᠶᠠᠨ ᠪᠤᠯᠤᠭᠰᠠᠨ ᠡᠴᠡ ᠠᠪᠤᠭᠠᠳ ᠴᠢᠩ ᠤᠯᠤᠰ ᠮᠦᠬᠦᠲᠡᠯ ᠡ ᠤᠷᠢᠳ ᠬᠤᠵᠢᠳ ᠠᠷᠪᠠᠨ ᠲᠠᠪᠤᠨ ᠵᠠᠰᠠᠭ ᠨᠤᠶᠠᠳ ᠤᠨ ᠡᠷᠭᠡ ᠪᠠᠷᠢᠵᠤ ᠦᠩᠭᠡᠷᠡᠵᠡᠢ᠂《 ᠴᠢᠩ ᠤᠯᠤᠰ ᠤᠨ ᠲᠡᠦᠭᠡ ᠶᠢᠨ ᠨᠤᠤᠷᠠᠭ》᠂《ᠲᠠᠢᠴᠢᠩ ᠤᠯᠤᠰ ᠤᠨ ᠮᠠᠭᠠᠳ ᠬᠠᠤᠯᠢ》 ᠵᠡᠷᠭᠡ ᠬᠢᠲᠠᠳ ᠰᠤᠷᠪᠤᠯᠵᠢᠰ ᠲᠤ ᠪᠢᠴᠢᠭᠳᠡᠭᠰᠡᠨ ᠴᠠᠭ ᠨᠢ ᠨᠡᠯᠢᠶᠡᠳ ᠡᠷᠲᠡ ᠪᠠᠢᠵᠤ᠂ ᠵᠠᠷᠢᠮ ᠵᠠᠰᠠᠭ ᠨᠤᠶᠠᠳ ᠤᠨ ᠵᠠᠯᠭᠠᠮᠵᠢᠯᠠᠭᠰᠠᠨ ᠤᠨ ᠵᠢᠯ ᠢ ᠲᠤᠲᠠᠭᠤ ᠪᠤᠶᠣ ᠡᠨᠳᠡᠬᠦᠦ ᠪᠤᠷᠤᠭᠤ ᠲᠡᠮᠳᠡᠭᠯᠡᠭᠰᠡᠨ ᠵᠦᠢᠯ ᠪᠠᠢᠳᠠᠭ᠃ |
Original Literature |
View Original Paper
|
出自 |
中国蒙古学
2020年
第4期
|