Paper Information


Title ᠰᠠᠨᠠᠭᠠᠴᠢᠯᠠᠭᠠᠲᠤ ᠵᠢᠭᠠᠨ ᠰᠤᠷᠭᠠᠬᠤ ᠵᠠᠭᠪᠤᠷ ᠢ《ᠰᠠᠭᠤᠷᠢ ᠶᠠᠫᠤᠨ ᠬᠡᠯᠡ》 ᠶᠢᠨ ᠬᠢᠴᠢᠶᠡᠯᠯᠡᠭᠡ ᠳ᠋ᠤ ᠬᠡᠷᠭᠡᠯᠡᠬᠦ ᠲᠣᠬᠠᠢ
Creator ᠦᠯᠵᠡᠢᠪᠣᠶᠠᠨ
Keyword ᠰᠠᠨᠠᠭᠠᠴᠢᠯᠠᠭᠠᠲᠤ ᠴᠢᠠᠨᠷ; ᠵᠢᠭᠠᠨ ᠰᠤᠷᠭᠠᠭᠤ ᠵᠠᠤᠪᠤᠷ; ᠰᠠᠭᠤᠷᠢ ᠶᠠᠫᠤᠨ ᠬᠡᠯᠡ᠂ ᠭᠡᠷᠡᠭᠡᠯᠯᠲᠡ
Abstract ᠰᠠᠨᠠᠭᠠᠴᠢᠯᠠᠭᠠᠲᠤ ᠴᠢᠨᠠᠷ ᠪᠦᠬᠦᠢ ᠵᠢᠭᠠᠨ ᠰᠤᠷᠭᠠᠭᠤ ᠵᠠᠤᠪᠤᠷ ᠭᠡᠳᠡᠭ ᠪᠣᠯ ᠰᠤᠷᠤᠭᠴᠢ ᠶᠢᠨ ᠬᠠᠷᠭᠠᠰᠤ ᠡᠴᠡ ᠭᠠᠷᠳᠠᠨ ᠰᠤᠷᠤᠭᠴᠢ ᠶᠢᠨ ᠪᠣᠳᠠᠳᠤ ᠪᠠᠢᠳᠠᠯ ᠲᠠᠢ ᠤᠶᠠᠯᠳᠤᠭᠤᠯᠤᠨ᠂ ᠵᠢᠭᠠᠨ ᠰᠤᠷᠭᠠᠬᠤ ᠠᠭᠤᠯᠭ᠎ᠠ ᠪᠠᠨ ᠲᠦᠰᠦᠪᠯᠡᠵᠦ᠂ ᠬᠢᠴᠢᠶᠡᠯ ᠤᠨ ᠴᠠᠭ ᠤᠨ ᠬᠦᠳᠡᠯᠭᠡᠭᠡᠨ ᠢ ᠵᠣᠬᠢᠶᠠᠨ ᠪᠠᠢᠭᠤᠯᠤᠨ᠂ ᠰᠡᠩᠭᠡᠷᠡᠭᠦᠯᠬᠦ ᠪᠣᠶᠣ ᠬᠦᠲᠦᠯᠦᠨ ᠵᠢᠯᠤᠭᠤᠳᠬᠤ ᠠᠷᠭ᠎ᠠ ᠪᠡᠷ ᠰᠤᠷᠤᠭᠴᠢᠳ ᠤᠨ ᠰᠤᠷᠤᠯᠴᠠᠬᠤ ᠢᠳᠡᠪᠬᠢᠵᠢᠯ ᠢ ᠦᠷᠨᠢᠭᠦᠯᠦᠨ᠂ ᠰᠠᠨᠠᠭᠠᠴᠢᠯᠠᠭᠠᠲᠠᠢ ᠪᠡᠷ ᠰᠤᠷᠤᠯᠴᠠᠬᠤ ᠤᠷᠮ ᠠ ᠪᠠᠬ᠎ᠠ ᠵᠢ ᠨᠢ ᠬᠦᠭᠵᠢᠭᠡᠨ ᠲᠠᠢᠴᠢᠯᠠᠬᠤ ᠵᠢ ᠬᠡᠯᠡᠵᠦ ᠪᠣᠢ᠃ ᠡᠨᠡ ᠬᠦ ᠵᠦᠢᠯ ᠤᠨ ᠵᠢᠭᠠᠨ ᠰᠤᠷᠭᠠᠬᠤ ᠵᠠᠤᠪᠤᠷ ᠪᠣᠯ ᠰᠤᠷᠤᠭᠴᠢᠳ ᠤᠨ ᠰᠤᠷᠤᠯᠴᠠᠬᠤ ᠤᠬᠠᠮᠰᠠᠷ ᠪᠣᠯᠤᠨ ᠰᠤᠷᠤᠯᠴᠠᠬᠤ ᠬᠦᠳᠡᠯᠦᠩᠬᠦᠢ ᠴᠢᠨᠠᠷ ᠢ ᠴᠢᠩᠭᠠᠳᠬᠠᠨ᠂ ᠪᠠᠭᠰᠢ ᠪᠡᠷ ᠬᠦᠲᠦᠯᠦᠭᠴᠢ ᠪᠣᠯᠭᠠᠨ ᠰᠤᠷᠤᠭᠴᠢ ᠪᠡᠷ ᠭᠤᠤᠯ ᠴᠣᠭᠴᠠ ᠪᠣᠯᠭᠠᠬᠤ ᠵᠢᠭᠠᠨ ᠰᠤᠷᠭᠠᠭᠤ ᠵᠠᠭᠪᠤᠷ ᠪᠣᠯᠤᠨ᠎ᠠ᠃ ᠲᠤᠰ ᠦᠭᠦᠯᠡᠯ ᠳ᠋ᠤ ᠭᠤᠤᠯᠳᠠᠭᠤ《ᠰᠠᠭᠤᠷᠢ ᠶᠠᠫᠤᠨ ᠬᠡᠯᠡ》 ᠵᠢ ᠵᠢᠭᠠᠬᠤ ᠲᠤᠮᠲᠠ ᠰᠠᠨᠠᠭᠠᠴᠢᠠᠯᠭᠠᠲᠤ ᠴᠢᠨᠠᠷ ᠪᠦᠬᠦᠢ ᠵᠢᠭᠠᠨ ᠰᠤᠷᠭᠠᠬᠤ ᠵᠠᠭᠪᠤᠷ ᠢ ᠶᠠᠭᠠᠬᠢᠨ ᠦᠢᠯᠡᠳᠦᠯᠭᠡᠵᠢᠬᠦᠯᠦᠨ ᠬᠡᠷᠡᠭᠡᠯᠬᠦ᠂ ᠪᠠᠭᠰᠢ ᠭᠤᠤᠯᠯᠠᠨ ᠵᠢᠭᠠᠬᠤ ᠴᠢᠨᠠᠷ ᠢ ᠰᠤᠷᠤᠭᠴᠢ ᠶᠢᠨ ᠪᠡᠶᠡᠴᠢ ᠬᠦᠳᠡᠯᠦᠩᠬᠦᠢ ᠴᠢᠨᠡᠷ ᠢᠢᠡᠷ ᠬᠡᠷᠬᠢᠨ ᠤᠷᠤᠯᠠᠭᠤᠯᠬᠤ ᠲᠣᠬᠠᠢ ᠲᠤᠷᠰᠢᠨ ᠶᠠᠷᠢᠨ᠎ᠠ᠃
Original Literature View Original Paper
出自 赤峰学院学报(蒙文哲学社会科学版) 2013年 第4期

联系我们


内蒙古大学图书馆
呼和浩特市大学西路235号
中国·内蒙古
P: (0471) 4992561
E: huangfeilong@imu.edu.cn