Abstract |
ᠭᠡᠰᠡᠷ ᠤᠨ《 ᠭᠡᠷ ᠢᠢᠡᠨ ᠮᠠᠷᠲᠠᠭᠰᠠᠨ》 ᠦᠯᠢᠭᠡᠷ ᠨᠢ 《 ᠭᠡᠰᠡᠷ ᠤᠨ ᠲᠤᠭᠤᠵᠢ》 ᠶᠢᠨ ᠠᠯᠢ ᠤᠯᠠᠨ ᠦᠯᠢᠭᠷ ᠤᠨ ᠲᠤᠳᠤᠷ ᠠ ᠦᠪᠷᠮᠢᠴᠡ ᠴᠢᠠᠨᠷ ᠢᠢᠡᠷ ᠲᠤᠪᠤᠢᠮ ᠠ ᠨᠢᠭᠡᠮ ᠨᠢ ᠮᠦᠨ᠃ ᠲᠡᠷᠡ ᠨᠢ ᠲᠤᠮᠤᠭ ᠶᠠᠷᠢᠶ ᠠ᠂ ᠶᠠᠪᠠᠭᠠᠨ ᠦᠯᠢᠭᠡᠷ᠂ ᠯᠤᠷᠵᠤᠤ ᠦᠭᠡ ᠵᠡᠷᠭᠡ ᠬᠡᠯᠪᠡᠷᠢ ᠪᠡᠷ ᠮᠣᠩᠭᠤᠯ ᠤᠷᠤᠨ ᠳ᠋ᠤ ᠦᠷᠭᠡᠨ ᠢᠢᠡᠷ ᠲᠠᠷᠬᠠᠨ ᠲᠡᠯᠭᠡᠷᠡᠵᠡᠢ᠃ ᠡᠨᠡᠨ ᠦᠯᠢᠭᠡᠷ ᠨᠢ 17ᠳ᠋ᠤᠭᠠᠷ ᠵᠠᠭᠤᠨ ᠳ᠋ᠤ ᠪᠢᠴᠢᠭᠳᠡᠭᠰᠡᠨ 《 ᠬᠠᠳ ᠤᠨ ᠦᠨᠳᠦᠰᠦᠨ ᠬᠤᠷᠢᠶᠠᠩᠭᠤᠢ ᠠᠯᠲᠠᠨ ᠲᠤᠪᠴᠢ》 ᠂ ᠯᠤᠪᠰᠠᠩᠳᠠᠨᠵᠢᠨ ᠤ 《 ᠠᠯᠲᠠᠨ ᠲᠤᠪᠴᠢ》 ᠂ᠰᠠᠭᠠᠩ ᠰᠡᠴᠡᠨ ᠤ 《ᠡᠷᠲᠡᠨᠢ ᠶᠢᠨ ᠲᠤᠪᠴᠢ》 ᠵᠡᠷᠭᠡ ᠲᠡᠦᠭᠡᠨ ᠰᠤᠷᠪᠤᠯᠵᠢ ᠪᠢᠴᠢᠭ ᠤᠤᠨ ᠲᠤ ᠲᠡᠮᠳᠡᠭᠯᠡᠭᠳᠡᠭᠰᠡᠨ ᠴᠢᠩᠬᠢᠰ ᠬᠠᠭᠠᠨ ᠤ ᠰᠤᠯᠤᠩᠭᠤᠰ ᠲᠤ ᠤᠴᠢᠵᠤ ᠬᠤᠯᠠᠨ ᠢ ᠬᠠᠲᠤᠨ ᠪᠠᠤᠯᠭᠠᠨ ᠠᠪᠴᠤ ᠲᠡᠳᠡ ᠭᠤᠷᠪᠠᠨ ᠵᠢᠯ ᠰᠠᠭᠠᠲᠠᠨ ᠰᠠᠭᠤᠭᠰᠠᠨ ᠦᠯᠢᠭᠡᠷ ᠲᠠᠢ ᠮᠠᠢ ᠲᠦᠰᠦᠭᠡᠲᠡᠢ ᠪᠠᠢᠳᠠᠭ᠃ ᠬᠠᠷᠢᠴᠠᠭᠯᠤᠤᠨ ᠵᠠᠳᠠᠯᠵᠤ ᠦᠵᠡᠬᠦ ᠳ᠋ᠤ᠂ ᠬᠤᠶᠠᠷ ᠦᠯᠢᠭᠡᠷ ᠤᠨ ᠶᠡᠬᠡᠩᠬᠢ ᠦᠢᠯᠡ ᠶᠠᠪᠤᠳᠠᠯ᠂ ᠮᠤᠲ᠋ᠢᠹ ᠤᠳ ᠨᠢ ᠬᠠᠷᠢᠯᠴᠠᠨ ᠲᠤᠬᠢᠷᠠᠵᠤ ᠪᠤᠢ᠃ |